ᠪᠠᠶᠢᠭᠠᠯᠢ ᠶᠢᠨ ᠨᠦᠭᠦᠴᠡᠯ ᠪᠤᠯᠤᠨ ᠲᠠᠷᠢᠶᠠᠯᠠᠭ᠎ᠠ ᠶᠢᠨ ᠲᠠᠳᠬᠠᠯ ᠤᠨ ᠨᠦᠯᠦᠭᠡ ᠠᠴᠠ ᠪᠤᠯᠤᠭᠠᠳ ᠡᠷᠳᠡᠨᠢ ᠰᠢᠰᠢ ᠨᠢ ᠲᠠᠷᠢᠶᠠᠯᠠᠭ᠎ᠠ ᠶᠢᠨ ᠦᠢᠯᠡᠰ ᠤᠨ ᠲᠤᠮᠳᠠ ᠴᠢᠬᠤᠯᠠ ᠪᠠᠶᠢᠷᠢ ᠰᠠᠭᠤᠷᠢ ᠶᠢ ᠡᠵᠡᠯᠡᠵᠤ᠂ ᠢᠯᠠᠩᠭᠤᠶ᠎ᠠ ᠤᠮᠠᠷᠠᠳᠤ ᠤᠷᠤᠨ ᠳᠤ ᠲᠠᠷᠢᠶᠠᠯᠠᠩ ᠤᠨ ᠨᠢᠭᠡᠨ ᠲᠤᠮᠤ ᠤᠨᠴᠠᠯᠢᠭ ᠪᠤᠯᠤᠠᠠᠰᠠᠨ ᠪᠠᠶᠢᠨ᠎ᠠ᠃ ᠠᠵᠤ ᠦᠢᠯᠡᠳᠪᠤᠷᠢᠵᠢᠭᠦᠯᠦᠯᠳᠡ᠂ ᠬᠤᠳᠠ ᠪᠠᠯᠭᠠᠰᠤᠴᠢᠯᠠᠯᠳᠠ ᠪᠤᠯᠤᠨ ᠠᠵᠤ ᠦᠢᠯᠡᠰᠵᠢᠭᠦᠯᠦᠯᠳᠡ ᠶᠢᠨ ᠪᠠᠶᠢᠯᠳᠤᠬᠤ ᠪᠤᠳᠤᠯᠭ᠎ᠠ ᠶᠢᠨ ᠪᠦᠭᠦ ᠲᠠᠯ᠎ᠠ ᠶᠢᠨ ᠭᠡᠷᠡᠭᠵᠢᠭᠦᠯᠦᠯᠳᠡ ᠶᠢ ᠲᠠᠭᠠᠯᠳᠤᠭᠠᠳ᠂ ᠡᠷᠳᠡᠨᠢ ᠰᠢᠰᠢ ᠶᠢ ᠨᠠᠷᠢᠯᠢᠬ ᠭᠦᠨ ᠡᠳ᠋ᠰᠢᠭᠦᠯᠭᠦ ᠪᠠᠷ ᠭᠤᠤᠯ ᠪᠤᠯᠭᠠᠠᠠᠰᠠᠨ ᠴᠠᠷᠳᠠᠭᠤᠯ᠂ ᠠᠮᠳᠠ ᠶᠢᠨ ᠤᠭᠢ ᠵᠡᠷᠭᠡ ᠶᠢᠨ ᠠᠵᠤ ᠠᠬᠤᠶᠢᠯᠠᠯ ᠨᠢ ᠡᠷᠳᠡᠨᠢ ᠰᠢᠰᠢ ᠶᠢᠨ ᠭᠠᠷᠤᠯᠳᠠ ᠶᠢᠨ ᠤᠷᠤᠨ ᠵᠦᠭ ᠢᠳᠡᠭ ᠢᠳᠡᠭ ᠢᠶᠠᠷ ᠭᠦᠭᠵᠢᠵᠤ ᠪᠠᠶᠢᠨ᠎ᠠ᠃
1. ᠲᠤᠰᠬᠠᠢ ᠭᠡᠷᠡᠭᠯᠡᠭᠡᠨ ᠤ ᠴᠢᠨᠠᠷ ᠰᠠᠶᠢᠳᠠᠢ ᠡᠷᠳᠡᠨᠢ ᠰᠢᠰᠢ ᠶᠢᠨ ᠬᠤᠷᠢᠶᠠᠯᠳᠠ ᠶᠢ ᠨᠡᠮᠡᠭᠳᠡᠭᠦᠯᠵᠤ᠂ ᠲᠠᠷᠢᠶᠠᠴᠢᠳ ᠤᠨ ᠤᠷᠤᠯᠭ᠎ᠠ ᠶᠢ ᠭᠡᠷᠭᠢᠨ ᠨᠡᠮᠡᠭᠳᠡᠭᠦᠯᠭᠦ ᠪᠤᠢ︖
ᠡᠭᠦᠨ ᠳᠤ᠂ ᠡᠩ ᠲᠠᠷᠢᠭᠦᠨ ᠳᠤ ᠡᠷᠳᠡᠨᠢ ᠰᠢᠰᠢ ᠶᠢᠨ ᠰᠤᠷᠲ ᠢ ᠰᠤᠯᠢᠵᠤ ᠰᠢᠨᠡᠳᠭᠡᠨ᠂ ᠴᠠᠷᠳᠠᠭᠤᠯ ᠤᠨ ᠠᠭᠤᠯᠤᠭᠳᠠᠴᠨ ᠪᠠᠷ ᠦᠨᠳᠤᠷ ᠪᠦᠭᠦᠢ ᠴᠢᠨᠠᠷ ᠰᠠᠶᠢᠳᠠᠢ ᠡᠷᠳᠡᠨᠢ ᠰᠢᠰᠢ ᠶᠢᠨ ᠰᠤᠷᠲ ᠢ ᠭᠤᠤᠯᠳᠠᠯᠭ᠎ᠠ ᠲᠠᠢ ᠲᠡᠯᠭᠡᠷᠡᠭᠦᠯᠦᠨ ᠭᠡᠷᠡᠭᠯᠡᠭᠦ ᠭᠡᠷᠡᠭᠳᠡᠢ᠃
2. ᠤᠳᠤᠬᠠᠨ ᠳᠤ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠡᠭᠦᠯᠳᠡᠷ ᠶᠠᠮᠠᠷ ᠶᠠᠮᠠᠷ ᠲᠦᠷᠦᠯ ᠪᠠᠶᠢᠬᠤ ᠪᠤᠢ︖
ᠤᠳᠤᠬᠠᠨ ᠳᠤ ᠵᠡᠭᠦᠨ ᠬᠤᠶᠢᠳᠤ ᠤᠷᠤᠨ ᠳᠤ ᠲᠤᠭᠢᠷᠠᠬᠤ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠰᠤᠷᠲ ᠲᠤ ᠭᠤᠤᠯ ᠨᠢ ᠮᠤᠩᠭᠤᠯ ᠲᠠᠩ ︵蒙单︶ 5 ᠨᠤᠮᠧᠷᠳᠤ ᠪᠠ ᠵᠢᠷᠢᠮ ᠲᠠᠩ ︵哲单︶ 20 ᠨᠤᠮᠧᠷᠳᠤ ᠪᠤᠯ ᠨᠡᠯᠢᠶᠡᠳ ᠰᠠᠶᠢᠨ ᠰᠤᠷᠲ ᠪᠤᠯᠤᠨ᠎ᠠ᠃
3. ᠮᠤᠩᠭᠤᠯ ᠲᠠᠩ 5 ᠨᠤᠮᠧᠷᠳᠤ ᠪᠠ ᠵᠢᠷᠢᠮ ᠲᠠᠩ 20 ᠨᠤᠮᠧᠷᠳᠤ ᠨᠢ ᠶᠠᠮᠷ ᠭᠤᠤᠯ ᠤᠨᠴᠠᠯᠢᠭ ᠲᠠᠢ ᠪᠤᠢ︖
︵1︶ ᠮᠤᠩᠭᠤᠯ ᠲᠠᠩ 5 ᠨᠤᠮᠧᠷᠳᠤ᠄ ᠲᠤᠰ ᠰᠤᠷᠲ ᠢ ᠦᠪᠤᠷ ᠮᠤᠩᠭᠤᠯ ᠤᠨ ᠲᠦᠡᠭᠯᠢᠶᠤᠤ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠰᠤᠳᠤᠯᠤᠯ ᠤᠨ ᠭᠠᠵᠠᠷ ᠪᠤᠶᠢᠵᠢᠭᠤᠯᠵᠠᠢ᠃ ᠪᠤᠯᠪᠠᠰᠤᠷᠠᠬᠤ ᠬᠤᠭᠤᠴᠠᠭ᠎ᠠ ᠨᠢ 122 ᠡᠳᠤᠷ ᠪᠠᠶᠢᠵᠤ᠂ ᠲᠤᠮᠳᠠ ᠪᠤᠯᠪᠠᠰᠤᠷᠠᠯᠳᠠ ᠶᠢᠨ ᠡᠷᠳᠡᠨᠢ ᠰᠢᠰᠢ ᠶᠢᠨ ᠡᠷᠯᠢᠰᠡᠵᠢᠭᠦᠯᠦᠭᠰᠡᠨ ᠰᠤᠷᠲ ᠪᠤᠯᠤᠨ᠎ᠠ᠃
ᠲᠤᠰ ᠰᠤᠷᠲ ᠨᠢ ᠲᠤᠮᠤ ᠵᠢᠵᠢᠭ ᠲᠤᠯᠪᠤᠳᠤ ᠭᠡᠮ᠂ ᠡᠰᠢ ᠢᠯᠵᠠᠷᠠᠬᠤ ᠡᠪᠡᠳᠴᠢᠨ ᠪᠠ ᠲᠤᠮᠳᠠ ᠬᠤᠭᠤᠴᠠᠭᠠᠨ ᠤ ᠡᠷᠳᠡᠨᠢ ᠰᠢᠰᠢ ᠶᠢᠨ ᠮᠢᠩ ᠬᠤᠷᠤᠬᠠᠢ ᠪᠠ ᠬᠠᠷᠠᠤ ᠭᠡᠮ ᠢ ᠡᠰᠡᠷᠭᠦᠴᠡᠭᠦ ᠴᠢᠳᠠᠪᠤᠷᠢ ᠲᠠᠢ᠃ ᠡᠷᠯᠢᠰᠡᠵᠢᠭᠦᠯᠦᠭᠰᠡᠨ ᠰᠤᠷᠲ ᠨᠢ ᠰᠢᠷᠤᠢ ᠲᠦᠯᠭᠢᠭᠦ ᠴᠢᠳᠠᠯ ᠪᠤᠯᠤᠨ ᠴᠢᠭᠢᠯᠡᠭᠦ ᠪᠠᠶᠢᠳᠠᠯ ᠨᠢ ᠲᠤᠮᠳᠠ ᠵᠡᠷᠭᠡ᠂ ᠰᠠᠭᠤᠷᠢᠯᠠᠬᠤ ᠭᠡᠯᠪᠡᠷᠢ ᠨᠢ ᠲᠠᠶᠢᠮᠤ ᠠᠪᠴᠠᠯᠳᠤᠩᠭᠤᠢ ᠪᠢᠰᠢ᠂ ᠦᠨᠳᠤᠰᠤᠨ ᠰᠢᠰᠲ᠋ᠧᠮ ᠨᠢ ᠭᠦᠭᠵᠢᠭᠦᠨ᠂ ᠡᠰᠢ ᠨᠢ ᠬᠠᠳᠠᠭᠤᠯᠢᠭ᠂ ᠦᠨᠳᠤᠷ ᠨᠢ 272cm᠂ 20 ᠨᠠᠪᠴᠢ ᠲᠠᠢ᠂ ᠲᠦᠷᠦᠭᠦᠤ ᠶᠢᠨ ᠤᠷᠳᠤ ᠨᠢ 19cm᠂ ᠲᠦᠷᠦᠭᠦᠤ ᠶᠢᠨ ᠪᠦᠳᠦᠭᠦᠨ ᠨᠢ 4.9cm᠂ ᠲᠦᠷᠦᠭᠦᠤ ᠪᠦᠷᠢ ᠨᠢ 14~16 ᠮᠦᠷ ᠲᠠᠢ᠃ ᠲᠠᠩ ᠲᠦᠷᠦᠭᠦᠤ ᠶᠢᠨ ᠮᠦᠭᠦᠯᠢᠭ ᠤᠨ ᠭᠦᠨᠳᠤ ᠨᠢ 209g᠂ ᠵᠠᠭᠤᠨ ᠮᠦᠭᠦᠯᠢᠭ ᠤᠨ ᠭᠦᠨᠳᠤ ᠨᠢ 35g᠂ ᠦᠷ᠎ᠠ ᠨᠢ ᠰᠢᠷᠭᠠᠯ ᠪᠦᠭᠡᠳ ᠮᠤᠷᠢᠨ ᠰᠢᠳᠤᠨ ᠤ ᠭᠡᠯᠪᠡᠷᠢ ᠲᠠᠢ᠂ ᠭᠢᠯᠳᠠᠭᠠᠨᠠᠭᠰᠠᠨ ᠦᠡᠭᠭᠡ ᠲᠠᠢ᠂ ᠲᠦᠷᠦᠭᠦᠤ ᠶᠢᠨ ᠲᠡᠩᠭᠡᠯᠢᠭ ᠨᠢ ᠴᠠᠭᠠᠨ ᠦᠡᠭᠭᠡ ᠲᠠᠢ᠂ ᠦᠷ᠎ᠡ ᠮᠦᠭᠦᠯᠢᠭ ᠲᠤᠨᠢ 9.6% ᠶᠢᠨ ᠤᠭᠤᠷᠬᠠᠳᠤ ᠡᠳ᠋᠂ 5.09% ᠶᠢᠨ ᠪᠦᠳᠦᠭᠦᠯᠢᠭ ᠦᠭᠡᠭᠦ᠂ 74.2% ᠤᠨ ᠪᠦᠳᠦᠭᠦᠯᠢᠭ ᠴᠠᠷᠳᠠᠭᠤᠯ ᠠᠭᠤᠯᠤᠭᠳᠠᠵᠤ ᠪᠠᠶᠢᠬᠤ ᠪᠦᠭᠡᠳ ᠮᠤ᠋ ᠪᠦᠷᠢ ᠶᠢᠨ ᠤᠨᠠᠯᠳᠠ ᠨᠢ 700~750kg ᠪᠠᠶᠢᠳᠠᠭ᠃
︵2︶ ᠵᠢᠷᠢᠮ ᠲᠠᠩ 20 ᠨᠤᠮᠧᠷᠳᠤ᠄ ᠲᠤᠰ ᠰᠤᠷᠲ ᠢ ᠲᠦᠡᠭᠯᠢᠶᠤᠤ ᠬᠤᠳᠠ ᠶᠢᠨ ᠲᠠᠷᠢᠶᠠᠯᠨᠩ ᠤᠨ ᠰᠢᠨᠵᠢᠯᠡᠭᠦ ᠤᠬᠠᠭᠠᠨ ᠤ ᠰᠤᠳᠤᠯᠤᠯ ᠤᠨ ᠭᠠᠵᠠᠷ ᠪᠤᠶᠢᠵᠢᠭᠤᠯᠵᠠᠢ᠃ ᠪᠤᠯᠪᠠᠰᠤᠷᠠᠬᠤ ᠬᠤᠭᠤᠴᠠᠭ᠎ᠠ ᠨᠢ 125 ᠬᠤᠨᠤᠭ᠂ ᠲᠤᠮᠳᠠ ᠪᠤᠯᠪᠠᠰᠤᠷᠠᠯᠳᠠ ᠶᠢᠨ ᠡᠷᠳᠡᠨᠢ ᠰᠢᠰᠢ ᠶᠢᠨ ᠡᠷᠯᠢᠰᠡᠵᠢᠭᠦᠯᠦᠭᠰᠡᠨ ᠰᠤᠷᠲ ᠲᠤ ᠬᠠᠷᠢᠶᠠᠯᠬᠠᠳᠠᠨ᠎ᠠ᠃ ᠲᠤᠮᠤ ᠵᠢᠵᠢᠭ ᠲᠤᠯᠪᠤᠳᠤ ᠭᠡᠮ᠂ ᠡᠰᠢ ᠢᠯᠵᠠᠷᠠᠬᠤ ᠭᠡᠮ ᠢ ᠡᠰᠡᠷᠭᠦᠴᠡᠭᠦ ᠴᠢᠳᠠᠪᠤᠷᠢ ᠲᠠᠢ᠃ ᠲᠤᠰ ᠰᠤᠷᠲ ᠤᠨ ᠨᠢᠯᠬ᠎ᠠ ᠴᠢᠭᠢ ᠨᠢ ᠨᠤᠭᠤᠭᠠᠨ ᠦᠡᠭᠭᠡ ᠶᠢᠨ ᠪᠦᠷᠭᠦᠪᠴᠢ ᠲᠠᠢ᠂ ᠰᠢᠷᠤᠢ ᠲᠦᠯᠭᠢᠭᠦ ᠴᠢᠳᠠᠯ ᠨᠢ ᠪᠠᠷᠤᠠᠠᠳᠠᠢ᠂ ᠰᠠᠭᠤᠷᠢᠯᠠᠬᠤ ᠭᠡᠯᠪᠡᠷᠢ ᠨᠢ ᠠᠪᠴᠠᠯᠳᠤᠩᠭᠤᠢ᠃ ᠦᠨᠳᠤᠰᠤ ᠨᠢ ᠭᠦᠭᠵᠢᠭᠦᠨ᠂ ᠡᠰᠢ ᠨᠢ ᠬᠠᠳᠠᠭᠤ᠂ ᠡᠰᠢᠨ ᠤ ᠦᠨᠳᠤᠷ ᠨᠢ 300cm᠂ ᠲᠦᠷᠦᠭᠦᠤ ᠶᠢᠨ ᠭᠡᠰᠡᠭ ᠨᠢ 130cm᠂ 21 ᠨᠠᠪᠴᠢ ᠲᠠᠢ᠂ ᠲᠦᠷᠦᠭᠦᠤ ᠶᠢᠨ ᠤᠷᠳᠤ ᠨᠢ 18.8cm᠂ ᠪᠦᠳᠦᠭᠦᠨ ᠨᠢ 5.3cm᠂ ᠲᠦᠷᠦᠭᠦᠤ ᠪᠦᠷᠢ ᠨᠢ ᠲᠡᠭᠰᠢᠳᠭᠡᠭᠡᠳ 16.5 ᠮᠦᠷ ᠲᠠᠢ᠂ ᠲᠡᠩ ᠲᠦᠷᠦᠭᠦᠤ ᠶᠢᠨ ᠮᠦᠭᠦᠯᠢᠭ ᠤᠨ ᠭᠦᠨᠳᠤ ᠨᠢ 226g᠂ ᠵᠠᠭᠤᠨ ᠮᠦᠭᠦᠯᠢᠭ ᠤᠨ ᠭᠦᠨᠳᠤ ᠨᠢ 33g᠂ ᠦᠷ᠎ᠠ ᠨᠢ ᠰᠢᠷ᠎ᠠ᠂ ᠮᠤᠷᠢᠨ ᠰᠢᠳᠤᠨ ᠤ ᠭᠡᠯᠪᠡᠷᠢ ᠲᠠᠢ᠂ ᠭᠢᠯᠳᠠᠭᠠᠨᠠᠭᠰᠠᠨ ᠦᠡᠭᠭᠡ ᠲᠠᠢ᠂ ᠴᠠᠭᠠᠨ ᠲᠡᠩᠭᠡᠯᠢᠭ ᠲᠠᠢ᠂ ᠶᠠᠷᠦᠩᠭᠡᠢ ᠳᠡᠭᠡᠨ ᠮᠤ᠋ ᠪᠦᠷᠢ ᠶᠢᠨ ᠤᠨᠠᠯᠳᠠ ᠨᠢ 750kg ᠪᠠᠶᠢᠳᠠᠭ᠃ ᠲᠡᠭᠡᠷ᠎ᠡ ᠲᠤᠷᠠᠳᠤᠠᠠᠰᠠᠨ ᠬᠤᠶᠠᠷ ᠲᠦᠷᠦᠯ ᠤᠨ ᠰᠤᠷᠲ ᠨᠢ 10℃ ᠲᠤᠯᠠᠭᠠᠨ ᠪᠠ ᠭᠦᠳᠡᠯᠦᠩᠭᠡᠢ ᠬᠤᠷᠠᠮᠳᠤᠯ ᠲᠤᠯᠠᠭᠠᠨ ᠨᠢ 28℃ ᠪᠠᠶᠢᠳᠠᠭ ᠭᠠᠵᠠᠷ ᠤᠷᠤᠨ ᠳᠤ ᠲᠠᠷᠢᠬᠤ ᠳᠤ ᠲᠤᠭᠢᠷᠠᠨ᠎ᠠ᠃
4. ᠰᠤᠷᠲ ᠢ ᠰᠢᠨᠡᠳᠭᠡᠨ ᠰᠤᠯᠢᠬᠤ ᠶᠢᠨ ᠲᠠᠭᠠᠤ ᠪᠠᠰᠠ ᠲᠠᠷᠢᠬᠤ ᠮᠡᠷᠭᠡᠵᠢᠯ ᠢ ᠴᠤ ᠰᠢᠨᠡᠳᠭᠡᠭᠦ ᠴᠢᠬᠤᠯᠠ ᠲᠠᠢ ᠤᠤ︖ ᠶᠠᠮᠠᠷ ᠪᠤᠳᠠᠳᠠᠢ ᠱᠠᠭᠠᠷᠳᠠᠯᠭ᠎ᠠ ᠲᠠᠢ ᠪᠤᠢ︖
ᠲᠤᠭᠢᠷᠠᠮᠵᠢᠳᠡᠢ ᠭᠦᠷᠦᠰᠤ ᠰᠢᠷᠤᠢ ᠰᠤᠩᠭᠤᠬᠤ ᠪᠠ ᠭᠠᠵᠠᠷ ᠲᠠᠯᠠᠪᠠᠢ ᠪᠠᠨ ᠭᠢᠨᠠᠮᠠᠭᠠᠢ ᠵᠠᠰᠠᠬᠤ ᠪᠤᠯ ᠴᠢᠨᠠᠷ ᠰᠠᠶᠢᠳᠠᠢ ᠦᠨᠳᠤᠷ ᠬᠤᠷᠢᠶᠠᠯᠳᠠ ᠲᠠᠢ ᠪᠠᠶᠢᠯᠭᠠᠬᠤ ᠶᠢᠨ ᠤᠷᠢᠳᠠᠴᠢ ᠨᠦᠭᠦᠴᠡᠯ ᠮᠦᠨ᠃ ᠡᠩ ᠲᠠᠷᠢᠭᠦᠨ ᠳᠤ ᠲᠤᠬᠠᠢ ᠶᠢᠨ ᠭᠠᠵᠠᠷ ᠤᠨ ᠪᠤᠷᠳᠤᠭᠤᠷ ᠰᠠᠶᠢᠳᠠᠢ᠂ ᠪᠦᠳᠦᠮᠵᠢᠳᠡᠢ ᠭᠦᠷᠦᠰᠤᠨ ᠲᠠᠪᠬᠤᠷᠭ᠎ᠠ ᠨᠢ 40cm ᠠᠴᠠ ᠵᠤᠵᠠᠭᠠᠨ ᠪᠠᠶᠢᠬᠤ ᠬᠠᠷ᠎ᠠ ᠠᠯᠠᠭ ᠪᠤᠶᠤ ᠴᠠᠭᠠᠨ ᠠᠯᠠᠭ ᠭᠦᠷᠦᠰᠤ ᠪᠠ ᠤᠷᠭᠠᠨᠢᠭ ᠪᠤᠳᠠᠰ ᠤᠨ ᠠᠭᠤᠯᠤᠭᠳᠠᠴᠨ ᠨᠢ 1% ᠠᠴᠠ ᠲᠡᠭᠡᠭᠰᠢ᠂ ᠪᠦᠭᠦ ᠲᠠᠪᠤᠰᠤᠨ ᠤ ᠭᠡᠮᠵᠢᠶ᠎ᠠ ᠨᠢ 0.25% ᠠᠴᠠ ᠲᠤᠷᠤᠠᠠᠰᠢ ᠪᠠᠶᠢᠬᠤ ᠭᠠᠵᠠᠷ ᠢ ᠰᠤᠩᠭᠤᠬᠤ ᠪᠠ ᠤᠰᠤᠯᠠᠯᠳᠠ ᠶᠢᠨ ᠨᠦᠭᠦᠴᠡᠯ ᠲᠠᠢ᠂ ᠬᠤᠵᠢᠷ ᠤᠨ ᠭᠦᠨᠦᠭᠡᠯ ᠦᠭᠡᠢ ᠲᠤᠮᠳᠠ ᠠᠴᠠ ᠲᠡᠭᠡᠷ᠎ᠠ ᠲᠠᠰ ᠤᠨ ᠭᠠᠵᠠᠷ ᠲᠤ ᠲᠠᠷᠢᠬᠤ ᠭᠡᠷᠡᠭᠳᠡᠢ᠃ ᠲᠠᠷᠠᠭ᠎ᠠ ᠳᠤᠨᠢ ᠭᠠᠵᠠᠷ ᠢᠶᠠᠨ ᠨᠠᠷᠢᠯᠢᠬ ᠲᠡᠭᠰᠢᠯᠡᠭᠦ ᠪᠠ ᠬᠤᠷᠢᠶᠠᠯᠳᠠ ᠠᠪᠤᠠᠠᠰᠠᠨ ᠤ ᠰᠡᠭᠦᠯᠡᠷ ᠰᠠᠭᠤᠷᠢ ᠪᠤᠷᠳᠤᠭᠤᠷ ᠤᠷᠤᠭᠤᠯᠬᠤ ᠭᠡᠷᠡᠭᠳᠡᠢ᠃
5. ᠰᠠᠭᠤᠷᠢ ᠪᠤᠷᠳᠤᠭᠤᠷ ᠤᠷᠤᠭᠤᠯᠬᠤ ᠳᠤ ᠶᠠᠮᠠᠷ ᠪᠠᠷᠢᠮᠵᠢᠶ᠎ᠠ ᠪᠠᠶᠢᠬᠤ ᠪᠤᠢ︖
ᠶᠠᠷᠦᠩᠭᠡᠢ ᠳᠡᠭᠡᠨ ᠮᠤ᠋ ᠪᠦᠷᠢ 2000~3000kg ᠰᠠᠶᠢᠨ ᠰᠢᠭᠡᠭ ᠪᠤᠷᠳᠤᠭᠤᠷ ᠤᠷᠤᠭᠤᠯᠵᠤ᠂ 20~25cm ᠭᠦᠨ ᠬᠠᠭᠠᠯᠪᠤᠷᠢᠯᠠᠵᠤ᠂ ᠭᠠᠵᠠᠷ ᠢᠶᠠᠨ ᠲᠠᠷᠦ᠋ᠢᠬᠠᠨ ᠨᠢ ᠲᠡᠭᠰᠢᠯᠡᠵᠤ᠂ ᠭᠠᠵᠠᠷ ᠭᠦᠯᠳᠡᠭᠦ ᠠᠴᠠ ᠡᠮᠦᠨ᠎ᠠ ᠮᠤ᠋ ᠪᠦᠷᠢ ᠶᠢᠨ ᠤᠰᠤᠯᠠᠯᠳᠠ ᠶᠢᠨ ᠭᠡᠮᠵᠢᠶ᠎ᠠ ᠶᠢ 60~100 ᠪᠤᠰᠤᠭ᠎ᠠ ᠲᠦᠷᠪᠡᠯᠵᠢᠨ ᠮᠧᠲᠷ ᠲᠤ ᠭᠦᠷᠦᠭᠦᠯᠭᠦ ᠭᠡᠷᠡᠭᠳᠡᠢ᠃ ᠬᠠᠪᠤᠷ ᠡᠷᠳᠡ ᠨᠠᠷᠬᠠᠳᠠᠨ ᠴᠢᠭᠢᠭ ᠢ ᠬᠠᠮᠠᠭᠠᠯᠠᠵᠤ᠂ 1~19cm ᠭᠦᠷᠦᠰᠤᠨ ᠳᠤ ᠠᠭᠤᠯᠬᠤ ᠤᠰᠤᠨ ᠤ ᠭᠡᠮᠵᠢᠶ᠎ᠠ ᠶᠢ ᠲᠠᠷᠢᠶᠠᠨ ᠭᠠᠵᠠᠷ ᠤᠨ ᠤᠰᠤᠨ ᠤ ᠭᠡᠮᠵᠢᠶᠠᠨ ᠤ 60% ᠠᠴᠠ ᠲᠡᠭᠡᠭᠰᠢ ᠳᠤ ᠭᠦᠷᠦᠭᠦᠯᠵᠤ᠂ ᠬᠠᠭᠠᠯᠪᠤᠷᠢᠯᠬᠠᠰᠠᠨ ᠲᠠᠪᠬᠤᠷᠭ᠎ᠠ ᠶᠢ ᠲᠡᠭᠡᠷ᠎ᠡ ᠪᠠᠨ ᠰᠠᠪᠰᠠᠭᠡᠷ ᠲᠤᠤᠷ᠎ᠠ ᠪᠠᠨ ᠨᠢᠠᠠᠳᠠ ᠪᠠᠶᠢᠯᠭᠠᠵᠤ᠂ ᠶᠠᠷᠦᠩᠭᠡᠢ ᠵᠠᠢ ᠵᠠᠪᠰᠠᠷ ᠤᠨ ᠭᠡᠮᠵᠢᠶ᠎ᠠ ᠶᠢ 52%~53%᠂ ᠲᠤᠮᠤ ᠵᠠᠢ ᠵᠠᠪᠰᠠᠷ ᠤᠨ ᠭᠡᠮᠵᠢᠶ᠎ᠠ ᠶᠢ 14%~17% ᠪᠠᠶᠢᠯᠭᠠᠬᠤ ᠭᠡᠷᠡᠭᠳᠡᠢ᠃
6. ᠭᠠᠵᠠᠷ ᠲᠠᠯᠠᠪᠠᠢ ᠪᠠᠨ ᠰᠤᠩᠭᠤᠠᠠᠰᠠᠨ ᠤ ᠰᠡᠭᠦᠯᠡᠷ ᠦᠭᠡᠷ᠎ᠡ ᠪᠠᠰᠠ ᠶᠠᠮᠠᠷ ᠮᠡᠷᠭᠡᠵᠢᠯ ᠤᠨ ᠱᠠᠭᠠᠷᠳᠠᠯᠭ᠎ᠠ ᠪᠠᠶᠢᠬᠤ ᠪᠤᠢ︖
ᠦᠷ᠎ᠠ ᠰᠤᠩᠭᠤᠬᠤ ᠪᠤᠯ ᠵᠠᠩᠭᠢᠯᠠᠭ᠎ᠠ ᠪᠤᠯᠤᠨ᠎ᠠ᠃ ᠦᠷ᠎ᠠ ᠰᠤᠩᠭᠤᠬᠤ ᠳᠠᠭᠠᠨ ᠬᠤᠯᠢᠴᠠ ᠦᠭᠡᠢ ᠭᠡᠮᠵᠢᠶ᠎ᠠ ᠪᠠ ᠴᠠᠪᠡᠷᠴᠡ ᠶᠢᠨ ᠭᠡᠮᠵᠢᠶ᠎ᠠ ᠨᠢ 96%᠂ 98% ᠠᠴᠠ ᠲᠡᠭᠡᠭᠰᠢ ᠪᠠᠶᠢᠬᠤ᠂ ᠰᠤᠶᠤᠭᠠᠯᠠᠬᠤ ᠨᠤᠷᠮ᠎ᠠ ᠨᠢ 95% ᠠᠴᠠ ᠲᠡᠭᠡᠭᠰᠢ ᠪᠠᠶᠢᠬᠤ ᠴᠢᠨᠠᠷ ᠰᠠᠶᠢᠳᠠᠢ ᠦᠷ᠎ᠡ ᠶᠢ ᠰᠤᠩᠭᠤᠬᠤ ᠶᠢᠨ ᠬᠠᠮᠳᠤ ᠲᠠᠷᠢᠬᠤ ᠠᠴᠠ ᠪᠠᠨ ᠡᠮᠦᠨ᠎ᠠ ᠬᠤᠶᠠᠷ ᠭᠤᠷᠪᠡᠨ ᠬᠤᠨᠤᠭ ᠬᠠᠳᠠᠭᠠᠵᠤ᠂ 0.5kg 40% ᠶᠢᠨ ᠮᠧᠲ᠋ᠢᠯᠳᠤ ᠭᠦᠭᠦᠷ ᠭᠦᠴᠢᠯ ᠤᠨ ᠲᠤᠰᠤᠨ ᠡᠮ ᠳᠤ 30kg ᠤᠰᠤ ᠬᠤᠯᠢᠵᠤ᠂ 400kg ᠦᠷ᠎ᠠ ᠲᠠᠢ ᠬᠤᠯᠢᠬᠤ ᠪᠤᠶᠤ 0.5kg 50% ᠶᠢᠨ ᠮᠧᠲ᠋ᠢᠯᠳᠤ ᠠᠮᠢᠨ ᠹᠤᠰᠹᠤᠷ ᠲᠤᠰᠤᠨ ᠡᠮ ᠲᠡᠭᠡᠷ᠎ᠡ 25kg ᠤᠰᠤ ᠬᠤᠯᠢᠵᠤ᠂ 250~300kg ᠦᠷ᠎ᠠ ᠲᠠᠢ ᠪᠠᠭᠰᠤᠷᠤᠨ ᠬᠤᠯᠢᠵᠤ᠂ ᠬᠤᠯᠢᠠᠠᠰᠠᠨ ᠤ ᠪᠠᠨ ᠲᠠᠷᠠᠭ᠎ᠠ 4~6 ᠴᠠᠭ ᠪᠢᠳᠡᠭᠦᠮᠵᠢᠯᠡᠨ ᠪᠦᠷᠢᠵᠤ᠂ ᠲᠠᠭᠢᠨ ᠪᠠᠨ ᠵᠦᠩ ᠱᠤᠸᠠᠩ ︵拌种霜︶ ᠢ ᠬᠠᠳ᠋ᠬᠠᠰᠠᠨ ᠦᠷ᠎ᠡ ᠶᠢᠨ 0.3% ᠶᠢᠨ ᠬᠠᠷᠢᠴᠠᠯ ᠢᠶᠠᠷ ᠦᠷ᠎ᠠ ᠲᠠᠢ ᠪᠠᠨ ᠬᠤᠯᠢᠵᠤ᠂ ᠭᠦᠷᠤᠰᠤᠨ ᠲᠤᠤᠷᠠᠭᠢ ᠬᠤᠷᠤᠬᠠᠢ ᠰᠢᠪᠠᠵᠢ ᠪᠠ ᠬᠠᠷᠠᠤ ᠭᠡᠮ ᠢ ᠰᠡᠷᠭᠡᠶᠢᠯᠡᠭᠦ ᠭᠡᠷᠡᠭᠳᠡᠢ᠃
7. ᠲᠠᠷᠢᠬᠤ ᠲᠠᠯ᠎ᠠ ᠪᠠᠷ ᠶᠠᠮᠠᠷ ᠮᠡᠷᠭᠡᠵᠢᠯ ᠤᠨ ᠱᠠᠭᠠᠷᠳᠠᠯᠭ᠎ᠠ ᠪᠠᠶᠢᠬᠤ ᠪᠤᠢ︖
ᠴᠠᠭ ᠬᠤᠭᠤᠴᠠᠭ᠎ᠠ ᠳᠤ ᠲᠤᠭᠢᠷᠠᠭᠤᠯᠤᠨ ᠡᠷᠳᠡ ᠲᠠᠷᠢᠬᠤ ᠪᠠ ᠴᠤᠨᠤᠠᠠᠯᠠᠨ ᠲᠠᠷᠢᠨ᠎ᠠ᠄ 5~10cm ᠭᠦᠷᠦᠰᠤᠨ ᠤ ᠲᠤᠯᠠᠭᠠᠨ ᠨᠢ 8℃~10℃ ᠲᠤ ᠲᠤᠠᠠᠳᠠᠪᠤᠷᠢᠵᠢᠬᠤ ᠦᠶᠡᠰ ᠲᠠᠷᠦ᠋ᠢᠬᠠᠨ ᠲᠠᠷᠢᠵᠤ ᠪᠤᠯᠤᠨ᠎ᠠ᠃ ᠲᠠᠷᠢᠬᠤ ᠱᠠᠭᠠᠷᠳᠠᠯᠭ᠎ᠠ ᠭᠡᠪᠡᠯ ᠲᠠᠷᠢᠶᠠᠨ ᠭᠠᠵᠠᠷ ᠲᠠᠬᠢ ᠤᠰᠤᠨ ᠤ ᠭᠡᠮᠵᠢᠶ᠎ᠠ ᠨᠢ 60%~70% ᠪᠠᠶᠢᠵᠤ᠂ ᠬᠠᠭᠠᠯᠪᠤᠷᠢᠯᠬᠠᠰᠠᠨ ᠲᠠᠪᠬᠤᠷᠭ᠎ᠠ ᠶᠢᠨ ᠰᠢᠷᠤᠢ ᠶᠢ ᠠᠳᠬᠤᠭᠠᠳ ᠠᠪᠬᠤ ᠳᠤ ᠪᠦᠭᠡᠮᠨᠡᠷᠡᠵᠤ᠂ ᠬᠠᠶᠠᠬᠤ ᠳᠤ ᠪᠤᠳᠠᠷᠠᠵᠤ ᠪᠠᠶᠢᠬᠤ ᠴᠢᠭᠢᠭ ᠲᠠᠢ ᠪᠠᠶᠢᠬᠤ ᠭᠡᠷᠡᠭᠳᠡᠢ᠃ ᠮᠠᠰᠢᠨ ᠢᠶᠠᠷ ᠴᠤᠨᠤᠠᠠᠯᠠᠨ ᠲᠠᠷᠢᠬᠤ ᠳᠤ ᠭᠦᠨᠴᠡ ᠨᠢ 5~6cm ᠪᠠᠶᠢᠪᠠᠯ ᠲᠤᠭᠢᠷᠠᠮᠵᠢᠳᠡᠢ᠂ ᠲᠠᠷᠢᠠᠠᠰᠠᠨ ᠤ ᠪᠠᠨ ᠲᠠᠷᠠᠭ᠎ᠠ ᠲᠠᠷᠦ᠋ᠢᠬᠠᠨ ᠬᠤᠴᠢᠨ ᠲᠠᠷᠤᠵᠤ᠂ ᠰᠢᠷᠤᠢ ᠦᠷ᠎ᠡ ᠶᠢ ᠨᠢᠠᠠᠳᠠ ᠵᠤᠯᠭᠠᠭᠤᠯᠵᠤ᠂ ᠲᠠᠷᠢᠯᠭ᠎ᠠ ᠶᠢᠨ ᠶᠠᠰᠤ ᠴᠢᠨᠠᠷ ᠢ ᠪᠠᠳᠤᠯᠠᠵᠤ᠂ ᠨᠢᠬᠡ ᠯᠠ ᠲᠡᠭᠡᠷ᠎ᠡ ᠴᠢᠭᠢ ᠪᠦᠷᠢᠨ ᠪᠠᠷᠢᠬᠤ ᠪᠠᠷ ᠴᠢᠷᠮᠠᠶᠢᠬᠤ ᠭᠡᠷᠡᠭᠳᠡᠢ᠃
8. ᠪᠤᠷᠳᠤᠭᠤᠷ ᠤᠷᠤᠭᠤᠯᠬᠤ ᠲᠠᠯ᠎ᠠ ᠪᠠᠷ ᠶᠠᠮᠠᠷ ᠪᠤᠳᠠᠳᠠᠢ ᠱᠠᠭᠠᠷᠳᠠᠯᠭ᠎ᠠ ᠪᠠᠶᠢᠬᠤ ᠪᠤᠢ︖
ᠡᠷᠳᠡᠨᠢ ᠰᠢᠰᠢ ᠶᠢᠨ ᠮᠤ᠋ ᠪᠦᠷᠢ ᠶᠢᠨ ᠤᠨᠠᠯᠳᠠ ᠶᠢ 750~900kg ᠳᠤ ᠭᠦᠷᠦᠭᠦᠯᠭᠦ ᠬᠠᠷᠠᠯᠳᠠ ᠶᠢ ᠪᠠᠳᠤᠯᠠᠬᠤ ᠳᠤ ᠮᠤ᠋ ᠪᠦᠷᠢ ᠭᠦᠢᠴᠡᠳ ᠭᠡᠮᠵᠢᠶᠠᠨ ᠤ ᠴᠢᠨᠠᠷ ᠰᠠᠶᠢᠳᠠᠢ ᠰᠢᠭᠡᠭ ᠪᠤᠷᠳᠤᠭᠤᠷ ᠤᠷᠤᠭᠤᠯᠬᠤ ᠠᠴᠠ ᠭᠠᠳᠠᠨ᠎ᠠ ᠪᠠᠰᠠ 100kg ᠡᠷᠳᠡᠨᠢ ᠰᠢᠰᠢ ᠶᠢᠨ ᠦᠷ᠎ᠡ ᠬᠤᠷᠢᠶᠠᠬᠤ ᠪᠦᠷᠢ ᠭᠡᠷᠡᠭᠰᠡᠭᠦ ᠰᠢᠮ᠎ᠠ ᠲᠡᠵᠢᠭᠡᠯ ᠢ ᠴᠦᠮ ᠪᠤᠷᠳᠤᠭᠤᠷ ᠤᠷᠤᠭᠤᠯᠤᠯᠳᠠ ᠳᠤ ᠲᠦᠰᠢᠭᠯᠡᠨ ᠬᠠᠨᠭ᠍ᠭᠠᠨ᠎ᠠ᠃ ᠡᠶᠢᠮᠤ ᠠᠴᠠ ᠭᠦᠷᠦᠰᠤ ᠰᠢᠷᠤᠢ ᠶᠢᠨ ᠪᠤᠷᠳᠤᠭᠤᠷ ᠬᠠᠨᠭ᠍ᠭᠠᠬᠤ ᠴᠢᠳᠠᠯ᠂ ᠤᠨᠠᠯᠳᠠ ᠶᠢᠨ ᠭᠦᠢᠴᠡᠳᠭᠡᠯ ᠲᠤᠭ᠎ᠠ᠂ ᠪᠤᠷᠳᠤᠭᠤᠷ ᠤᠨ ᠠᠰᠢᠠᠠᠯᠠᠯᠳᠠ ᠶᠢᠨ ᠨᠤᠷᠮ᠎ᠠ ᠶᠢ ᠦᠨᠳᠦᠰᠦᠯᠡᠨ ᠬᠠᠷᠢᠴᠠᠯ ᠲᠠᠢ ᠪᠠᠷ ᠪᠤᠷᠳᠤᠭᠤᠷ ᠤᠷᠤᠭᠤᠯᠵᠤ᠂ ᠲᠡᠩᠴᠡᠭᠦᠷᠢ ᠲᠠᠢ ᠪᠤᠷᠳᠤᠭᠤᠷ ᠤᠷᠤᠭᠤᠯᠪᠠᠯ ᠰᠠᠶ᠋ᠢ ᠮᠤ᠋ ᠪᠦᠷᠢ ᠠᠴᠠ 750kg ᠠᠴᠠ ᠲᠡᠭᠡᠭᠰᠢ ᠬᠤᠷᠢᠶᠠᠯᠳᠠ ᠤᠯᠬᠤ ᠭᠢᠷᠢ ᠭᠡᠮᠵᠢᠶᠠᠨ ᠳᠤ ᠭᠦᠷᠦᠭᠦᠯᠵᠤ ᠴᠢᠳᠠᠨ᠎ᠠ᠃ ᠶᠠᠷᠦ ᠶᠢᠨ ᠪᠠᠶᠢᠳᠠᠯ ᠲᠤᠤᠷ᠎ᠠ᠂ ᠮᠤ᠋ ᠪᠦᠷᠢ ᠦᠷ᠎ᠠ ᠶᠢᠨ ᠪᠤᠷᠳᠤᠭᠤᠷ ᠹᠤᠰᠹᠤᠷ ᠭᠦᠴᠢᠯ ᠤᠨ ᠬᠤᠶᠠᠷᠴᠢ ᠠᠮᠮᠤᠨᠢ 16~20kg᠂ ᠰᠢᠭᠡᠰᠦᠯᠢᠭ ᠡᠳ᠋ 4~9kg᠂ ᠭᠦᠭᠦᠷ ᠭᠦᠴᠢᠯ ᠤᠨ ᠺᠠᠯᠢ 5~10kg ᠭᠡᠷᠡᠭᠰᠡᠵᠤ᠂ ᠺᠠᠯᠢ ᠡᠯᠪᠡᠭ ᠭᠠᠵᠠᠷ ᠤᠷᠤᠨ ᠳᠤ ᠪᠤᠯ ᠮᠤ᠋ ᠪᠦᠷᠢ ᠠᠮᠢᠳᠤ ᠪᠤᠳᠠᠰ ᠤᠨ ᠺᠠᠯᠢ 1~1.5 kg ᠤᠷᠤᠭᠤᠯᠬᠤ ᠶᠢᠨ ᠬᠠᠮᠳᠤ ᠭᠦᠭᠦᠷ ᠭᠦᠴᠢᠯ ᠤᠨ ᠴᠠᠶᠢᠷ ᠢ ᠮᠤ᠋ ᠪᠦᠷᠢ 100g ᠢᠶᠠᠷ ᠨᠠᠶᠢᠷᠠᠭᠤᠯᠤᠨ ᠤᠷᠤᠭᠤᠯᠬᠤ ᠭᠡᠷᠡᠭᠳᠡᠢ᠃ ᠭᠡᠭᠦ ᠳᠡᠭᠡᠨ ᠦᠷ᠎ᠡ ᠪᠤᠯᠤᠨ ᠪᠤᠷᠳᠤᠭᠤᠷ ᠤᠨ ᠬᠤᠭᠤᠷᠤᠨᠳᠤᠭᠢ ᠵᠠᠢ ᠶᠢ 3~5cm ᠪᠠᠶᠢᠯᠭᠠᠵᠤ᠂ ᠴᠢᠭᠢ ᠰᠤᠶᠤᠭ᠎ᠠ ᠨᠢ ᠰᠢᠳ᠋ᠬᠠᠳᠠᠬᠤ ᠠᠴᠠ ᠰᠡᠷᠭᠡᠶᠢᠯᠡᠭᠦ ᠭᠡᠷᠡᠭᠳᠡᠢ᠃
9. ᠲᠠᠷᠢᠬᠤ ᠨᠢᠠᠠᠳᠠᠴᠠ ᠶᠢᠨ ᠲᠠᠯ᠎ᠠ ᠪᠠᠷ ᠶᠠᠮᠠᠷ ᠱᠠᠭᠠᠷᠳᠠᠯᠭ᠎ᠠ ᠪᠠᠶᠢᠬᠤ ᠪᠤᠢ︖
ᠵᠢᠷᠢᠮ ᠲᠠᠩ 20 ᠨᠤᠮᠧᠷᠳᠤ ᠪᠤᠯᠤᠨ ᠮᠤᠩᠭᠤᠯ ᠲᠠᠩ 5 ᠨᠤᠮᠧᠷᠳᠤ ᠪᠤᠯ ᠬᠠᠭᠠᠰ ᠠᠪᠴᠠᠯᠳᠤᠩᠭᠤᠢ ᠭᠡᠯᠪᠡᠷᠢ ᠶᠢᠨ ᠡᠭᠦᠯᠳᠡᠷ ᠲᠤ ᠬᠠᠷᠢᠶᠠᠯᠬᠠᠳᠠᠬᠤ ᠪᠦᠭᠡᠳ ᠪᠦᠯᠦᠭᠯᠡᠯ ᠤᠨ ᠲᠤᠭ᠎ᠠ ᠭᠡᠮᠵᠢᠶ᠎ᠠ ᠳᠤ ᠲᠦᠰᠢᠭᠯᠡᠨ ᠬᠤᠷᠢᠶᠠᠯᠳᠠ ᠶᠢ ᠨᠡᠮᠡᠭᠳᠡᠭᠦᠯᠭᠦ ᠴᠢᠬᠤᠯᠠ ᠲᠠᠢ ᠪᠠᠶᠢᠳᠠᠭ ᠪᠤᠯᠬᠤᠷ ᠵᠤᠭᠢᠰᠳᠡᠢ ᠨᠢᠠᠠᠳᠠ ᠲᠠᠷᠢᠬᠤ ᠨᠢ ᠦᠨᠳᠤᠷ ᠬᠤᠷᠢᠶᠠᠯᠳᠠ ᠤᠯᠬᠤ ᠶᠢᠨ ᠤᠷᠢᠳᠠᠴᠢ ᠨᠦᠭᠦᠴᠡᠯ ᠪᠤᠯᠤᠨ᠎ᠠ᠃ ᠡᠨᠡ ᠬᠤᠶᠠᠷ ᠰᠤᠷᠲ ᠢ ᠶᠠᠷᠦᠩᠭᠡᠢ ᠳᠡᠭᠡᠨ ᠮᠤ᠋ ᠪᠦᠷᠢ 4000~5000 ᠰᠠᠭᠤᠷᠢ ᠨᠢᠠᠠᠳᠠ ᠲᠠᠷᠢᠪᠠᠯ ᠲᠤᠭᠢᠷᠠᠮᠵᠢᠳᠡᠢ᠃ ᠭᠦᠷᠤᠰᠤ ᠰᠢᠷᠤᠢ ᠶᠢᠨ ᠰᠢᠮ᠎ᠠ ᠲᠡᠵᠢᠭᠡᠯ ᠢᠶᠠᠷ ᠰᠠᠶᠢᠨ ᠪᠤᠶᠤ ᠠᠨᠠᠶᠢᠬᠠᠨ ᠭᠠᠵᠠᠷ ᠲᠤ ᠪᠤᠯ ᠰᠤᠷᠲ ᠤᠨ ᠤᠨᠴᠠᠯᠢᠭ ᠢ ᠨᠢ ᠦᠨᠳᠤᠰᠦᠯᠡᠨ ᠲᠤᠠᠠᠳᠠᠭᠠᠬᠤ ᠭᠡᠷᠡᠭᠳᠡᠢ᠃ ᠵᠢᠱᠢᠶᠡᠯᠡᠪᠡᠯ ᠵᠢᠭᠳᠡ ᠮᠦᠷ ᠤᠨ ᠵᠠᠢ ᠲᠠᠢ ᠲᠠᠷᠢᠬᠤ ᠳᠤ ᠮᠦᠷ ᠤᠨ ᠵᠠᠢ ᠶᠢ 50cm ᠪᠠᠶᠢᠯᠭᠠᠵᠤ᠂ ᠦᠷᠭᠡᠨ ᠨᠠᠷᠢᠨ ᠮᠦᠷ ᠢᠶᠠᠷ ᠲᠠᠷᠢᠬᠤ ᠳᠤ ᠦᠷᠭᠡᠨ ᠮᠦᠷ ᠢ 60cm᠂ ᠨᠠᠷᠢᠨ ᠮᠦᠷ ᠢ 40cm ᠪᠠᠶᠢᠯᠭᠠᠵᠤ᠂ ᠰᠠᠭᠤᠷᠢ ᠶᠢᠨ ᠵᠠᠢ ᠶᠢ ᠪᠤᠯ ᠨᠢᠠᠠᠳᠠᠴᠠ ᠶᠢᠨ ᠵᠠᠢ ᠶᠢ ᠦᠨᠳᠦᠰᠦᠯᠡᠨ ᠲᠤᠠᠠᠳᠠᠭᠠᠬᠤ ᠭᠡᠷᠡᠭᠳᠡᠢ᠃
10. ᠲᠠᠷᠢᠶᠠᠨ ᠳᠠᠬᠢ ᠠᠷᠠᠴᠢᠯᠠᠯᠳᠠ ᠶᠢᠨ ᠲᠠᠯ᠎ᠠ ᠪᠠᠷ ᠶᠠᠮᠠᠷ ᠰᠢᠨ᠎ᠠ ᠮᠡᠷᠭᠡᠵᠢᠯ ᠤᠨ ᠠᠷᠭ᠎ᠠ ᠭᠡᠮᠵᠢᠶ᠎ᠠ ᠪᠠᠶᠢᠬᠤ ᠪᠤᠢ︖
ᠲᠠᠷᠢᠶᠠᠨ ᠳᠠᠬᠢ ᠠᠷᠠᠴᠢᠯᠠᠯᠳᠠ ᠶᠢ ᠭᠤᠤᠯ ᠨᠢ ᠴᠢᠭᠢᠯᠡᠭᠦ ᠦᠶ᠎ᠠ ᠶᠢᠨ ᠠᠷᠠᠴᠢᠯᠠᠯᠳᠠ᠂ ᠦᠶᠡᠳᠤᠭᠦ ᠲᠦᠷᠦᠭᠦᠳᠤᠬᠦ ᠬᠤᠭᠤᠴᠠᠭᠠᠨ ᠤ ᠠᠷᠠᠴᠢᠯᠠᠯᠳᠠ ᠪᠡ ᠦᠷᠡᠵᠢᠯ ᠤᠨ ᠰᠡᠭᠦᠯᠴᠢ ᠶᠢᠨ ᠬᠤᠭᠤᠴᠠᠭᠠᠨ ᠤ ᠬᠠᠮᠢᠶᠠᠷᠤᠯᠳᠠ ᠭᠡᠵᠤ ᠭᠤᠷᠪᠡᠨ ᠱᠠᠳᠤ ᠬᠤᠪᠢᠶᠠᠨ᠎ᠠ᠃
︵1︶ ᠴᠢᠭᠢᠯᠡᠭᠦ ᠦᠶ᠎ᠠ ᠶᠢᠨ ᠠᠷᠠᠴᠢᠯᠠᠯᠳᠠ᠄ ᠪᠠᠷᠤᠭ 5 ᠳ᠋ᠤᠭᠠᠷ ᠰᠠᠷ᠎ᠠ ᠶᠢᠨ 20 ᠠᠴᠠ 6 ᠳ᠋ᠤᠭᠠᠷ ᠰᠠᠷ᠎ᠠ ᠶᠢᠨ 20 ᠪᠤᠯᠳᠠᠯᠠᠭᠢ ᠬᠤᠭᠤᠴᠠᠭᠠᠨ ᠳᠤ᠂ ᠡᠷᠳᠡᠨᠢ ᠰᠢᠰᠢ ᠨᠢ 5~7 ᠨᠠᠪᠴᠢ ᠰᠤᠶᠤᠭᠠᠯᠠᠨ ᠲᠡᠯᠭᠡᠷᠡᠵᠤ᠂ ᠴᠢᠭᠢᠯᠡᠭᠦ ᠱᠠᠳᠤᠨ ᠳᠤ ᠤᠷᠤᠳᠠᠭ᠃ ᠡᠨᠡ ᠬᠤᠭᠤᠴᠠᠭᠠᠨ ᠤ ᠦᠷᠡᠵᠢᠯ ᠤᠨ ᠤᠨᠴᠠᠯᠢᠭ ᠨᠢ ᠭᠡᠪᠡᠯ ᠤᠷᠳᠤ ᠦᠨᠳᠦᠰᠦᠯᠡᠭᠦ ᠪᠠᠷ ᠭᠤᠤᠯ ᠪᠤᠯᠭᠠᠨ᠂ ᠡᠰᠢ ᠨᠠᠪᠴᠢ ᠨᠢ ᠲᠠᠰᠤᠷᠠᠯᠳᠠ ᠦᠭᠡᠢ ᠵᠠᠳᠠᠷᠠᠵᠤ᠂ ᠡᠰᠢ ᠨᠢ ᠪᠤᠭᠤᠨᠢ᠂ ᠤᠷᠭᠤᠯᠳᠠ ᠨᠢ ᠤᠳᠠᠭᠠᠨ ᠪᠠᠶᠢᠳᠠᠭ᠃ ᠵᠠᠶᠢᠯᠠᠵᠤ ᠪᠤᠶᠢᠵᠢᠭᠤᠯᠬᠤ ᠬᠠᠮᠢᠶᠠᠷᠤᠯᠳᠠ ᠶᠢᠨ ᠭᠤᠤᠯᠳᠠᠯᠭ᠎ᠠ ᠪᠤᠯ ᠹᠤᠰᠹᠤᠷ ᠢᠶᠠᠷ ᠭᠤᠤᠯ ᠪᠤᠯᠭᠠᠠᠠᠰᠠᠨ᠂ ᠠᠽᠤᠲ ᠹᠤᠰᠹᠤᠷ ᠺᠠᠯᠢ ᠪᠠᠷ ᠦᠷ᠎ᠠ ᠶᠢᠨ ᠪᠤᠷᠳᠤᠭᠤᠷ ᠪᠠ ᠰᠠᠭᠤᠷᠢ ᠪᠤᠷᠳᠤᠭᠤᠷ ᠨᠠᠶᠢᠷᠠᠭᠤᠯᠤᠨ ᠤᠷᠤᠭᠤᠯᠵᠤ᠂ ᠨᠢᠯᠬ᠎ᠠ ᠰᠤᠶᠤᠭ᠎ᠠ ᠳᠤ ᠹᠤᠰᠹᠤᠷ ᠡᠳ᠋ ᠤᠨ ᠵᠠᠭᠠᠠᠠᠳᠤ ᠬᠤᠭᠤᠴᠠᠭᠠᠨ ᠳᠤ ᠲᠤᠯᠭᠠᠮ᠎ᠠ ᠭᠡᠷᠡᠭᠴᠡᠭᠡ ᠪᠦᠭᠦᠢ ᠹᠤᠰᠹᠤᠷ ᠪᠤᠯᠤᠨ ᠰᠠᠶᠢᠨ ᠠᠽᠤᠲ᠂ ᠺᠠᠯᠢ ᠶᠢᠨ ᠡᠳ᠋ ᠤᠨ ᠰᠢᠮ᠎ᠠ ᠲᠡᠵᠢᠭᠡᠯ ᠢ ᠬᠠᠨᠭ᠍ᠭᠠᠨ ᠦᠭᠴᠤ᠂ ᠨᠢᠯᠬ᠎ᠠ ᠰᠤᠶᠤᠭ᠎ᠠ ᠶᠢ ᠢᠳᠡᠷᠡᠭᠦᠨ ᠪᠤᠯᠭᠠᠬᠤ ᠭᠡᠷᠡᠭᠳᠡᠢ᠃ ᠡᠭᠦᠨ ᠤ ᠬᠠᠮᠳᠤ᠂ ᠲᠤᠤᠷᠠᠭᠢ ᠮᠡᠳᠤ ᠠᠷᠭ᠎ᠠ ᠭᠡᠮᠵᠢᠶ᠎ᠠ ᠶᠢ ᠢᠳᠡᠪᠭᠢᠳᠡᠢ ᠭᠡᠷᠡᠭᠯᠡᠵᠤ᠂ ᠪᠦᠷᠢᠨ ᠴᠢᠭᠢ ᠪᠠᠷᠢᠵᠤ᠂ ᠵᠢᠭᠳᠡ ᠰᠤᠶᠤᠭᠠᠯᠠᠬᠤ ᠶᠢ ᠪᠠᠳᠤᠯᠠᠵᠤ᠂ ᠲᠠᠷᠢᠮᠠᠯ ᠢ ᠲᠠᠷᠢ ᠲᠡᠭᠰᠢ ᠪᠠᠶᠢᠬᠤ ᠶᠢ ᠲᠡᠭᠡᠭᠰᠢᠯᠡᠭᠦᠯᠵᠤ᠂ ᠬᠤᠵᠢᠮ ᠤᠨ ᠦᠰᠤᠨ ᠪᠤᠶᠢᠵᠢᠬᠤ ᠪᠠ ᠤᠨᠠᠯᠳᠠ ᠶᠢ ᠲᠡᠭᠡᠭᠰᠢᠯᠡᠭᠦᠯᠭᠦ ᠳᠤ ᠰᠠᠶᠢᠨ ᠰᠠᠶᠢᠬᠠᠨ ᠰᠠᠭᠤᠷᠢ ᠲᠠᠯᠪᠢᠨ ᠦᠭᠭᠦ ᠭᠡᠷᠡᠭᠳᠡᠢ᠃
① ᠴᠢᠭᠢ ᠶᠢ ᠪᠠᠶᠢᠴᠠᠭᠠᠵᠤ ᠴᠢᠭᠢ ᠨᠦᠭᠦᠭᠦ᠂ 5 ᠳ᠋ᠤᠭᠠᠷ ᠰᠠᠷ᠎ᠠ ᠶᠢᠨ ᠬᠤᠷᠢᠳ ᠠᠴᠠ ᠡᠮᠦᠨ᠎ᠠ ᠬᠤᠶᠢᠨ᠎ᠠ ᠴᠢᠭᠢᠯᠡᠵᠤ ᠪᠠᠶᠢᠭ᠎ᠠ ᠪᠠᠶᠢᠳᠠᠯ ᠢ ᠲᠠᠷᠦ᠋ᠢᠬᠠᠨ ᠪᠠᠶᠢᠴᠠᠭᠠᠵᠤ᠂ ᠴᠢᠭᠢ ᠲᠤᠳᠠᠵᠤ ᠪᠠᠶᠢᠪᠠᠯ ᠰᠢᠷᠤᠢ ᠲᠠᠢ ᠨᠢ ᠵᠠᠶᠢᠯᠠᠬᠤ ᠠᠷᠭ᠎ᠠ ᠪᠠᠷ ᠪᠡᠯᠡᠳᠭᠡᠭᠰᠡᠨ ᠴᠢᠭᠢ ᠪᠠᠷ ᠢᠶᠠᠨ ᠮᠦᠷ ᠨᠦᠭᠦᠭᠦ ᠪᠤᠶᠤ ᠨᠦᠭᠦᠨ ᠲᠠᠷᠢᠵᠤ᠂ ᠪᠦᠭᠦᠨ ᠢ ᠵᠢᠭᠳᠡ ᠰᠠᠶᠢᠬᠠᠨ ᠨᠦᠭᠦᠵᠤ᠂ ᠮᠤ᠋ ᠪᠦᠷᠢ ᠶᠢᠨ ᠰᠠᠭᠤᠷᠢ ᠶᠢᠨ ᠲᠤᠭ᠎ᠠ ᠶᠢ ᠪᠠᠳᠤᠯᠠᠬᠤ ᠭᠡᠷᠡᠭᠳᠡᠢ᠃
② ᠴᠢᠭᠢᠯᠡᠭᠦ ᠬᠤᠭᠤᠴᠠᠭᠠᠨ ᠳᠤ ᠭᠦᠨᠦᠭᠡᠯᠳᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ ᠴᠢᠭᠢ ᠶᠢ ᠪᠠᠶᠢᠴᠠᠭᠠᠵᠤ ᠨᠦᠭᠦᠵᠤ ᠲᠠᠷᠢᠠᠠᠰᠠᠨ ᠤ ᠪᠠᠨ ᠰᠡᠭᠦᠯᠡᠷ᠂ ᠮᠤ᠋ ᠪᠦᠷᠢ 2.5~5kg ᠬᠤᠤᠷᠳᠤ ᠲᠤᠳᠤᠷᠭ᠎ᠠ ᠰᠠᠴᠤᠵᠤ᠂ ᠯᠠᠭᠤ᠂ ᠰᠢᠷᠤᠢ ᠶᠢᠨ ᠭᠦᠷᠢ ᠵᠡᠷᠭᠡ ᠨᠢᠯᠬ᠎ᠠ ᠴᠢᠭᠢᠨ ᠤ ᠭᠦᠨᠦᠭᠡᠯᠳᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ ᠬᠤᠤᠷᠳᠤ ᠲᠤᠳᠤᠷᠭ᠎ᠠ ᠶᠢ ᠨᠠᠶᠢᠷᠠᠭᠤᠯᠬᠤ ᠠᠷᠭ᠎ᠠ ᠪᠤᠯ ᠮᠤ᠋ ᠪᠦᠷᠢ 0.5kg 90% ᠶᠢᠨ ᠳ᠋ᠢ ᠪᠠᠢ ᠴᠦᠩ ᠲᠡᠭᠡᠷ᠎ᠡ 2.5~5kg ᠤᠰᠤ ᠨᠠᠮᠠᠵᠤ᠂ 50kg ᠲᠤᠳᠤᠷᠭ᠎ᠠ ᠪᠤᠶᠤ ᠪᠤᠭᠤᠳᠠᠢ ᠶᠢᠨ ᠠᠭ᠎ᠠ ᠲᠠᠢ
ᠵᠢᠭᠤᠷᠠᠵᠤ ᠬᠤᠤᠷᠳᠤ ᠲᠤᠳᠤᠷᠭ᠎ᠠ ᠨᠠᠶᠢᠷᠠᠭᠤᠯᠬᠤ ᠪᠠ ᠡᠰᠡᠭᠦᠯ᠎ᠠ 1 ᠺᠢᠯᠤᠭ᠍ᠷᠡᠮ ᠴᠠᠶᠢᠷ ᠭᠦᠭᠦᠷ ᠹᠤᠰᠹᠤᠷ ᠲᠤ 5~10kg ᠤᠰᠤ ᠨᠡᠮᠡᠵᠤ᠂ 300kg ᠨᠠᠷᠢᠨ ᠰᠢᠷᠤᠢ ᠲᠠᠢ ᠵᠢᠭᠤᠷᠠᠵᠤ ᠬᠤᠤᠷᠳᠤ ᠰᠢᠷᠤᠢ ᠨᠠᠶᠢᠷᠠᠭᠤᠯᠤᠨ᠂ ᠦᠳᠡᠰᠢ ᠤᠷᠤᠢ ᠴᠢᠭᠢ ᠶᠢᠨ ᠤᠶᠢᠷ᠎ᠠ ᠬᠠᠪᠢ ᠪᠠᠷ ᠰᠠᠴᠤᠵᠤ ᠰᠡᠷᠭᠡᠶᠢᠯᠡᠨ᠎ᠡ᠃
③ ᠴᠢᠭᠢ ᠢᠯᠭᠠᠬᠤ᠂ ᠴᠢᠭᠢ ᠲᠤᠠᠠᠳᠠᠭᠠᠬᠤ᠂ 3~4 ᠨᠠᠪᠴᠢᠯᠠᠬᠤ ᠦᠶᠡᠰ ᠠᠩᠬ᠎ᠠ ᠠᠷᠠᠴᠢᠯᠠᠯᠳᠠ ᠲᠠᠢ ᠤᠶᠠᠯᠳᠤᠭᠤᠯᠤᠨ ᠴᠢᠭᠢ ᠢᠯᠭᠠᠨ᠎ᠠ᠃ 5~6 ᠨᠠᠪᠴᠢᠯᠠᠬᠤ ᠦᠶᠡᠰ ᠬᠤᠶᠠᠷᠳᠡᠭᠢ ᠠᠷᠠᠴᠢᠯᠠᠯᠳᠠ ᠲᠠᠢ ᠤᠶᠠᠯᠳᠤᠭᠤᠯᠤᠨ ᠴᠢᠭᠢ ᠶᠢ ᠲᠤᠠᠠᠳᠠᠭᠠᠨ᠎ᠠ᠃ ᠴᠢᠭᠢ ᠢᠯᠭᠠᠬᠤ᠂ ᠴᠢᠭᠢ ᠲᠤᠠᠠᠳᠠᠭᠠᠬᠤ ᠶᠢᠨ ᠱᠠᠭᠠᠷᠳᠠᠯᠭ᠎ᠠ ᠭᠡᠪᠡᠯ ᠭᠡᠮ ᠲᠠᠢ ᠵᠡᠮᠳᠡᠭ ᠴᠢᠭᠢ ᠶᠢ ᠠᠷᠢᠯᠭᠠᠨ᠂ ᠢᠳᠡᠷᠡᠭᠦᠨ ᠴᠢᠭᠢ ᠶᠢ ᠦᠯᠡᠳᠡᠭᠡᠵᠤ᠂ ᠬᠤᠯᠢᠮᠠᠭ ᠮᠠᠭᠤ ᠴᠢᠭᠢ ᠶᠢ ᠠᠷᠢᠯᠭᠠᠨ᠂ ᠰᠠᠶᠢᠨ ᠴᠢᠭᠢ ᠶᠢ ᠦᠯᠡᠳᠡᠭᠡᠨ᠎ᠡ᠃ ᠭᠡᠳᠦᠷᠭᠡᠢ ᠲᠤᠮᠤ ᠪᠤᠶᠤ ᠭᠡᠳᠦᠷᠭᠡᠢ ᠵᠢᠵᠢᠭ ᠴᠢᠭᠢ ᠶᠢ ᠠᠷᠢᠯᠭᠠᠵᠤ᠂ ᠲᠠᠷᠢ ᠲᠡᠭᠰᠢ ᠨᠢᠬᠡ ᠯᠠ ᠠᠳᠠᠯᠢ ᠴᠢᠭᠢ ᠶᠢ ᠦᠯᠡᠳᠡᠭᠡᠵᠤ᠂ ᠴᠢᠭᠢ ᠶᠢ ᠰᠢᠷᠬᠠᠳᠤᠭᠤᠯᠬᠤ ᠠᠴᠠ ᠪᠤᠯᠭᠤᠮᠵᠢᠯᠠᠵᠤ᠂ ᠰᠠᠭᠤᠷᠢ ᠶᠢᠨ ᠵᠠᠢ ᠨᠢ ᠵᠢᠭᠳᠡ ᠴᠢᠭᠢ ᠶᠢ ᠦᠯᠡᠳᠡᠭᠡᠨ᠎ᠡ᠃ ᠴᠢᠭᠢ ᠶᠢ ᠲᠤᠠᠠᠳᠠᠭᠠᠠᠠᠰᠠᠨ ᠤ ᠰᠡᠭᠦᠯᠡᠷ ᠡᠷᠳᠡᠨᠢ ᠰᠢᠰᠢ ᠶᠢᠨ ᠰᠠᠭᠤᠷᠢ ᠶᠢᠨ ᠵᠠᠢ ᠶᠢ ᠲᠦᠯᠦᠪᠯᠡᠭᠡ ᠠᠴᠠ ᠭᠡᠳᠦᠷᠡᠭᠦᠯᠭᠦ ᠦᠭᠡᠢ ᠪᠠᠶᠢᠵᠤ᠂ ᠵᠡᠷᠭᠡ ᠳᠡᠭᠡᠨ ᠤᠷᠭᠤᠬᠤ ᠶᠢ ᠨᠢ ᠪᠠᠳᠤᠯᠠᠵᠤ᠂ ᠤᠷᠭᠤᠮᠠᠯ ᠤᠨ ᠰᠠᠭᠤᠷᠢ ᠶᠢᠨ ᠲᠡᠷᠢ ᠲᠡᠭᠰᠢ ᠪᠠᠶᠢᠬᠤ ᠶᠢ ᠪᠠᠳᠤᠯᠠᠨ᠎ᠠ᠃
④ 6 ᠳ᠋ᠤᠭᠠᠷ ᠰᠠᠷ᠎ᠠ ᠶᠢᠨ 20 ᠤ ᠡᠳᠤᠷ ᠠᠴᠠ ᠦᠶᠡᠳᠤᠵᠤ ᠲᠦᠷᠤᠬᠦᠳᠤᠬᠦ ᠠᠴᠠ ᠨᠢ ᠡᠮᠦᠨ᠎ᠠ ᠵᠢᠵᠢᠭ ᠴᠢᠭᠢ᠂ ᠪᠠᠭᠤᠷᠠᠢ ᠴᠢᠭᠢ ᠶᠢ ᠤᠰᠤᠯᠠᠬᠤ᠂ ᠪᠤᠷᠳᠤᠭᠤᠷ ᠤᠷᠤᠭᠤᠯᠬᠤ ᠠᠷᠭ᠎ᠠ ᠪᠠᠷ ᠰᠠᠶ ᠢᠳᠤᠷ ᠠᠷᠠᠴᠢᠯᠠᠨ᠂ ᠲᠡᠭᠦᠨ ᠢ ᠲᠦᠷᠭᠡᠨ ᠤᠷᠭᠤᠭᠤᠯᠵᠤ᠂ ᠡᠷᠳᠡᠨᠢ ᠰᠢᠰᠢ ᠪᠠᠨ ᠲᠠᠷᠢ ᠲᠡᠭᠰᠢ ᠪᠠᠶᠢᠯᠭᠠᠵᠤ᠂ ᠡᠷᠳᠡᠨᠢ ᠰᠢᠰᠢ ᠶᠢᠨ ᠲᠤᠯᠤᠭᠠᠶᠢᠯᠠᠬᠤ ᠦᠶ᠎ᠠ ᠳᠡᠭᠡᠨ ᠠᠳᠠᠯᠢ ᠲᠡᠭᠰᠢ ᠤᠷᠭᠤᠬᠤ ᠶᠢ ᠨᠢ ᠪᠠᠳᠤᠯᠠᠨ᠎ᠠ᠃
︵2︶ ᠦᠶᠡᠳᠤᠵᠤ ᠲᠦᠷᠤᠬᠦᠳᠤᠬᠦ ᠬᠤᠭᠤᠴᠠᠭᠠᠨ ᠤ ᠠᠷᠠᠴᠢᠯᠠᠯᠳᠠ᠄ ᠡᠷᠳᠡᠨᠢ ᠰᠢᠰᠢ ᠨᠢ ᠦᠶᠡᠳᠦᠭᠰᠡᠨ ᠠᠴᠠ ᠪᠠᠨ ᠬᠤᠶᠢᠰᠢ ᠲᠦᠷᠤᠬᠦᠳᠤᠬᠦ ᠬᠤᠭᠤᠴᠠᠭᠠᠨ ᠳᠠᠭᠠᠨ ᠤᠷᠤᠵᠤ᠂ ᠲᠤᠯᠤᠭᠠᠶᠢᠯᠠᠬᠤ ᠬᠤᠭᠤᠴᠠᠭ᠎ᠠ ᠭᠦᠷᠦᠭᠡᠳ ᠵᠤᠠᠠᠰᠤᠨᠠ᠃ ᠦᠷᠡᠵᠢᠯ ᠤᠨ ᠤᠨᠴᠠᠯᠢᠭ ᠨᠢ ᠪᠤᠯ ᠡᠰᠢ ᠨᠠᠪᠴᠢ ᠨᠢ ᠢᠯᠡᠷᠭᠡᠢ ᠲᠦᠷᠭᠡᠨ ᠤᠷᠭᠤᠵᠤ᠂ ᠡᠷ᠎ᠡ ᠡᠮ᠎ᠠ ᠲᠦᠷᠦᠭᠦᠤ ᠨᠢ ᠤᠷᠢᠳ ᠬᠤᠵᠢᠳ ᠡᠭᠢᠯᠡᠨ ᠵᠠᠳᠠᠷᠠᠵᠤ᠂ ᠰᠢᠮ᠎ᠠ ᠲᠡᠵᠢᠭᠡᠯ ᠭᠦᠷᠳᠡᠭᠦ ᠪᠡ ᠦᠷᠡᠵᠢᠨ ᠲᠦᠯᠵᠢᠭᠦ ᠬᠤᠤᠰᠯᠬᠠᠰᠠᠨ ᠱᠠᠳᠤᠨ ᠳᠤ ᠤᠷᠤᠨ᠎ᠠ᠃ ᠡᠨᠡ ᠬᠦ ᠬᠤᠭᠤᠴᠠᠭ᠎ᠠ ᠪᠤᠯ ᠦᠨᠳᠤᠰᠤᠨ ᠰᠢᠰᠲ᠋ᠧᠮ ᠨᠢ ᠰᠠᠶᠢᠨ ᠪᠤᠶᠢᠵᠢᠵᠤ᠂ ᠡᠰᠢ ᠨᠢ ᠪᠦᠳᠦᠭᠦᠷᠡᠵᠤ᠂ ᠨᠠᠪᠴᠢ ᠨᠠᠮᠠᠭ᠎ᠠ ᠨᠢ ᠰᠠᠬᠤᠯᠢᠬᠵᠢᠭᠰᠠᠨ ᠪᠦᠯᠦᠭᠯᠡᠯ ᠪᠡᠶᠡᠳᠤ ᠪᠤᠯᠵᠤ ᠴᠢᠳᠠᠬᠤ ᠡᠰᠡᠭᠦ ᠪᠡ ᠡᠷᠳᠡᠨᠢ ᠰᠢᠰᠢ ᠶᠢᠨ ᠦᠷ᠎ᠠ ᠵᠢᠮᠢᠰ ᠨᠢ ᠭᠡᠪ ᠤᠨ ᠪᠠᠶᠢᠳᠠᠯ ᠢᠶᠠᠷ ᠪᠤᠶᠢᠵᠢᠬᠤ ᠶᠢ ᠠᠭᠢᠭᠤᠯᠵᠤ᠂ ᠲᠦᠷᠦᠭᠦᠤ ᠶᠢᠨ ᠲᠤᠮᠤ ᠦᠷ᠎ᠠ ᠶᠢ ᠭᠦᠨᠳᠤ ᠪᠤᠯᠭᠠᠬᠤ ᠶᠢᠨ ᠵᠠᠩᠭᠢᠯᠠᠭ᠎ᠠ ᠶᠢᠨ ᠴᠠᠭ ᠬᠤᠭᠤᠴᠠᠭ᠎ᠠ ᠪᠤᠯᠬᠤ ᠲᠤᠯᠠ ᠲᠤᠤᠷᠠᠭᠢ ᠠᠷᠭ᠎ᠠ ᠭᠡᠮᠵᠢᠶ᠎ᠠ ᠨᠦᠭᠦᠳ ᠢ ᠠᠪᠬᠤ ᠭᠡᠷᠡᠭᠳᠡᠢ᠃
① ᠦᠶᠡᠯᠡᠯᠳᠡ ᠶᠢᠨ ᠪᠤᠷᠳᠤᠭᠤᠷ ᠤᠷᠤᠭᠤᠯᠬᠤ ᠪᠠ ᠪᠠᠶᠢᠳᠠᠯ ᠢ ᠦᠵᠡᠨ ᠤᠰᠤᠯᠠᠬᠤ ᠭᠡᠷᠡᠭᠳᠡᠢ᠃ 6~7 ᠨᠠᠪᠴᠢᠯᠠᠬᠤ ᠦᠶᠡᠰ᠂ ᠡᠷᠳᠡᠨᠢ ᠰᠢᠰᠢ ᠨᠢ ᠡᠭᠢᠯᠡᠵᠤ ᠦᠶᠡᠳᠤᠭᠦ ᠪᠦᠭᠡᠳ ᠤᠷᠭᠤᠯᠳᠠ ᠨᠢ ᠲᠦᠷᠭᠡᠳᠴᠤ᠂ ᠡᠷ᠎ᠡ ᠲᠦᠷᠦᠭᠦᠤ ᠨᠢ ᠵᠠᠳᠠᠷᠠᠵᠤ᠂ ᠮᠠᠰᠢ ᠶᠡᠭᠡ ᠤᠰᠤ ᠰᠢᠮ᠎ᠠ ᠶᠢᠨ ᠭᠡᠷᠡᠭᠴᠡᠭᠡ ᠲᠠᠢ ᠪᠤᠯᠳᠠᠭ ᠲᠤᠯᠠ ᠢᠯᠡᠭᠦᠭᠡᠨ ᠪᠤᠷᠳᠤᠭᠤᠷ ᠤᠷᠤᠭᠤᠯᠬᠤ ᠭᠡᠷᠡᠭᠳᠡᠢ᠃ ᠶᠠᠷᠦᠩᠭᠡᠢ ᠳᠡᠭᠡᠨ ᠮᠤ᠋ ᠪᠦᠷᠢ ᠰᠢᠭᠡᠰᠦᠯᠢᠭ ᠡᠳ᠋ 10~14kg ᠤᠷᠤᠭᠤᠯᠵᠤ᠂ ᠪᠠᠶᠢᠳᠠᠯ ᠢ ᠦᠵᠡᠨ ᠤᠰᠤᠯᠠᠬᠤ ᠭᠡᠷᠡᠭᠳᠡᠢ᠃
② 7 ᠳ᠋ᠤᠭᠠᠷ ᠰᠠᠷ᠎ᠠ ᠶᠢᠨ ᠬᠤᠷᠢᠳ ᠢᠶᠠᠷ ᠡᠷᠳᠡᠨᠢ ᠰᠢᠰᠢ 14~15 ᠨᠠᠪᠴᠢᠯᠠᠬᠤ ᠦᠶᠡᠰ᠂ ᠡᠮ᠎ᠠ ᠲᠦᠷᠦᠭᠦᠤ ᠶᠢᠨ ᠵᠢᠵᠢᠭ ᠴᠡᠴᠡᠭ ᠨᠢ ᠪᠢᠤᠯᠤᠭᠢ ᠶᠢᠨ ᠤᠠᠴᠠᠯᠢᠭ ᠲᠠᠢ ᠪᠦᠷᠢᠶ᠎ᠠ ᠶᠢᠨ ᠠᠮᠠ ᠮᠡᠳᠤ ᠪᠤᠯᠬᠤ ᠬᠤᠭᠤᠴᠠᠭᠠᠨ ᠳᠤ ᠡᠭᠢᠯᠡᠨ ᠤᠷᠤᠬᠤ ᠲᠤᠯᠠ ᠪᠤᠷᠳᠤᠭᠤᠷ ᠨᠦᠭᠦᠭᠦ ᠭᠡᠷᠡᠭᠳᠡᠢ᠃ ᠶᠠᠷᠦᠩᠭᠡᠢ ᠳᠡᠭᠡᠨ ᠮᠤ᠋ ᠪᠦᠷᠢ 13~18kg ᠰᠢᠭᠡᠰᠦᠯᠢᠭ ᠡᠳ᠋ ᠤᠷᠤᠭᠤᠯᠬᠤ ᠶᠢᠨ ᠬᠠᠮᠳᠤ ᠦᠶᠡᠳᠤᠵᠦ ᠲᠦᠷᠤᠬᠦᠳᠤᠬᠦ
ᠤᠰᠤ ᠤᠷᠤᠭᠤᠯᠵᠤ᠂ ᠨᠠᠪᠴᠢ᠂ ᠡᠰᠢ ᠶᠢ ᠢᠳᠡᠷᠡᠭᠦᠨ ᠪᠠᠶᠢᠯᠭᠠᠵᠤ᠂ ᠲᠦᠷᠦᠭᠦᠤ ᠶᠢ ᠨᠡᠮᠡᠭᠳᠡᠭᠦᠯᠭᠦ ᠵᠤᠷᠢᠯᠭ᠎ᠠ ᠳᠠᠭᠠᠨ ᠭᠦᠷᠦᠭᠦᠯᠭᠦ ᠭᠡᠷᠡᠭᠳᠡᠢ᠃
③ ᠪᠤᠷᠳᠤᠭᠤᠷ ᠤᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠭᠦ ᠶᠢᠨ ᠲᠤᠰᠠᠳᠠ᠂ ᠪᠤᠷᠳᠤᠭᠤᠷ ᠢᠶᠠᠨ ᠵᠤᠷᠠᠭᠠᠯᠠᠨ ᠤᠷᠤᠭᠤᠯᠬᠤ ᠪᠠ ᠴᠤᠨᠤᠠᠠᠯᠠᠨ ᠤᠷᠤᠭᠤᠯᠬᠤ ᠪᠤᠶᠤ ᠠᠽᠤᠲ ᠬᠠᠮᠠᠭᠠᠯᠠᠬᠤ ᠪᠠ ᠡᠰᠡᠭᠦᠯ᠎ᠠ ᠠᠽᠤᠲ ᠨᠡᠮᠡᠭᠳᠡᠭᠦᠯᠭᠦ ᠡᠳ᠋ ᠢᠶᠠᠷ ᠭᠤᠤᠯ ᠪᠤᠯᠭᠠᠠᠠᠰᠠᠨ ᠰᠢᠭᠡᠰᠦᠯᠢᠭ ᠡᠳ᠋ ᠨᠡᠮᠡᠭᠳᠡᠭᠦᠯᠭᠦ ᠠᠷᠭ᠎ᠠ ᠪᠠᠷ ᠤᠷᠤᠭᠤᠯᠵᠤ᠂ ᠰᠢᠭᠡᠰᠦᠯᠢᠭ ᠡᠳ᠋ ᠨᠢ ᠭᠦᠷᠦᠰᠤᠨ ᠳᠤ ᠰᠢᠪᠳᠤᠷᠵᠢᠬᠤ ᠶᠢ ᠬᠤᠷᠢᠠᠠᠯᠠᠵᠤ᠂ ᠪᠤᠷᠳᠤᠭᠤᠷ ᠤᠨ ᠪᠦᠳᠦᠮᠵᠢᠳᠤ ᠬᠤᠭᠤᠴᠠᠭ᠎ᠠ ᠶᠢ ᠤᠷᠳᠤᠳᠬᠠᠵᠤ᠂ ᠰᠢᠭᠡᠰᠦᠯᠢᠭ ᠡᠳ᠋ ᠨᠢ ᠢᠰᠭᠦ᠂ ᠨᠠᠪᠴᠢᠭᠦ ᠪᠠ ᠲᠠᠪᠳᠦᠭᠦ ᠠᠴᠠ ᠪᠤᠯᠤᠭᠠᠳ ᠠᠽᠤᠲ ᠡᠳ᠋ ᠨᠢ ᠬᠤᠭᠢᠷᠠᠬᠤ ᠶᠢ ᠪᠠᠭᠠᠰᠬᠠᠬᠤ ᠭᠡᠷᠡᠭᠳᠡᠢ᠃ ᠡᠭᠦᠨ ᠤ ᠬᠠᠮᠳᠤ ᠭᠢᠮᠢ ᠶᠢᠨ ᠪᠤᠷᠳᠤᠭᠤᠷ ᠢᠶᠠᠨ ᠭᠦᠨ ᠪᠤᠯᠠᠪᠠᠯ᠂ ᠡᠷᠳᠡᠨᠢ ᠰᠢᠰᠢ ᠶᠢᠨ ᠪᠠᠳᠤ ᠦᠨᠳᠦᠰᠦᠯᠡᠭᠦ ᠪᠠ ᠰᠠᠬᠠᠯ ᠦᠨᠳᠤᠰᠤ ᠶᠢᠨ ᠲᠤᠭ᠎ᠠ ᠶᠢ ᠤᠯᠠᠰᠢᠷᠠᠭᠤᠯᠵᠤ᠂ ᠡᠷᠳᠡᠨᠢ ᠰᠢᠰᠢ ᠶᠢᠨ ᠤᠰᠤ ᠪᠤᠷᠳᠤᠭᠤᠷ ᠰᠢᠩᠭᠡᠭᠡᠭᠦ ᠴᠢᠳᠠᠪᠤᠷᠢ ᠶᠢ ᠨᠢ ᠨᠡᠮᠡᠭᠳᠡᠭᠦᠯᠵᠤ ᠴᠢᠳᠠᠬᠤ ᠮᠦᠷᠳᠡᠭᠡᠨ ᠪᠠᠰᠠ ᠡᠷᠳᠡᠨᠢ ᠰᠢᠰᠢ ᠶᠢᠨ ᠭᠠᠩ ᠳᠤ ᠲᠠᠰᠪᠤᠷᠢᠳᠡᠢ᠂ ᠦᠯᠤ ᠨᠤᠭᠤᠷᠠᠵᠤ ᠤᠨᠠᠬᠤ ᠴᠢᠳᠠᠪᠤᠷᠢ ᠶᠢ ᠨᠢ ᠲᠡᠭᠡᠭᠰᠢᠯᠡᠭᠦᠯᠵᠤ᠂ ᠬᠤᠷᠢᠶᠠᠯᠳᠠ ᠶᠢ ᠨᠡᠮᠡᠭᠳᠡᠭᠦᠯᠦᠨ ᠤᠷᠤᠯᠭ᠎ᠠ ᠨᠡᠮᠡᠭᠳᠡᠭᠦᠯᠭᠦ ᠵᠤᠷᠢᠯᠭ᠎ᠠ ᠳᠠᠭᠠᠨ ᠭᠦᠷᠴᠤ ᠴᠢᠳᠠᠨ᠎ᠠ᠃
④ ᠲᠦᠷᠤᠬᠦᠳᠤᠬᠦ ᠬᠤᠭᠤᠴᠠᠭᠠᠨ ᠳᠤ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ ᠭᠡᠷᠡᠭᠳᠡᠢ᠃ 6 ᠳ᠋ᠤᠭᠠᠷ ᠰᠠᠷ᠎ᠠ ᠶᠢᠨ ᠬᠤᠷᠢᠳ ᠠᠴᠠ ᠬᠤᠶᠢᠰᠢ ᠬᠤᠶᠠᠳᠤᠭᠠᠷ ᠦᠶ᠎ᠠ ᠶᠢᠨ ᠨᠠᠩᠭᠢ ᠬᠤᠷᠤᠬᠠᠢ ᠶᠢᠨ ᠭᠦᠨᠦᠭᠡᠯ ᠡᠭᠦᠰᠭᠦ ᠦᠶ᠎ᠠ ᠪᠠᠷ ᠮᠤ᠋ ᠪᠦᠷᠢ 25g ᠰᠤ᠋ ᠮᠢᠶᠧ ᠱᠠ ᠳ᠋ᠢᠩ ︵速灭杀丁︶ ᠡᠮ ᠳᠤ 50kg ᠤᠰᠤ ᠬᠤᠯᠢᠬᠤ ᠪᠤᠶᠤ 40mL 50% ᠶᠢᠨ ᠮᠢᠶᠧ ᠶᠢᠤ ᠨᠢᠶᠤᠤ ︵灭幼脲︶ 3 ᠨᠤᠮᠧᠷᠳᠤ ᠳᠤ 30~50kg ᠤᠰᠤ ᠬᠤᠯᠢᠵᠤ᠂ ᠰᠠᠶᠢᠳᠤᠷ ᠰᠦᠷᠴᠢᠵᠤ᠂ ᠠᠪᠠᠭᠠᠯᠳᠠᠢ ᠶᠢ ᠤᠰᠠᠳᠬᠠᠬᠤ ᠭᠡᠷᠡᠭᠳᠡᠢ᠃ 7 ᠳ᠋ᠤᠭᠠᠷ ᠰᠠᠷ᠎ᠠ ᠶᠢᠨ ᠲᠤᠮᠳᠠᠴᠢ ᠪᠠᠷ ᠮᠢᠩ ᠬᠤᠷᠤᠬᠠᠢ ᠶᠢᠨ ᠭᠦᠨᠦᠭᠡᠯ ᠡᠭᠦᠰᠭᠦ ᠦᠶᠡᠰ᠂ ᠮᠤ᠋ ᠪᠦᠷᠢ 1kg 3% ᠶᠢᠨ ᠱᠠ ᠮᠢᠩ ᠯᠢᠩ ︵杀螟灵︶ ᠦᠷᠢᠯ ᠡᠮ᠂ ᠰᠠᠭᠤᠷᠢ ᠪᠦᠷᠢ 0.2g ᠭᠤᠸᠠᠨ ᠰᠢᠨ ᠶᠧ ︵灌芯叶︶ ᠪᠤᠶᠤ 1~1.5kg ᠵᠢᠶᠠ ᠪᠠᠨ ᠯᠢᠨ ︵甲拌磷︶ ᠦᠷᠢᠯ ᠢ ᠰᠠᠭᠤᠷᠢ ᠪᠦᠷᠢ ᠳᠤ ᠲᠤᠯᠤᠭ᠎ᠠ ᠨᠠᠢᠮᠡᠨ ᠦᠷᠢᠯ ᠢ ᠨᠠᠪᠴᠢᠨ ᠳᠤᠨᠢ ᠰᠠᠴᠤᠵᠤ᠂ ᠠᠩᠬᠠᠳᠤᠭᠠᠷ ᠦᠶ᠎ᠠ ᠶᠢᠨ ᠡᠷᠳᠡᠨᠢ ᠰᠢᠰᠢ ᠶᠢᠨ ᠮᠢᠩ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃
⑤ ᠡᠷᠳᠡᠨᠢ ᠰᠢᠰᠢ ᠶᠢ ᠢᠳᠡᠷᠡᠵᠢᠭᠦᠯᠭᠦ ᠡᠳ᠋ ᠢ ᠰᠦᠷᠴᠢᠵᠤ᠂ ᠨᠡᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ 7 ᠳ᠋ᠤᠭᠠᠷ ᠰᠠᠷ᠎ᠠ ᠶᠢᠨ 15~20 ᠪᠤᠯᠳᠠᠯᠡᠭᠢ ᠬᠤᠭᠤᠴᠠᠭᠠᠨ ᠳᠤ ᠪᠦᠯᠦᠭᠯᠡᠯ ᠪᠠᠶᠡᠳᠤ ᠶᠢᠨ 60% ᠠᠴᠠ ᠲᠡᠭᠡᠭᠰᠢ ᠰᠠᠭᠤᠷᠢ ᠨᠢ 14 ᠨᠠᠪᠴᠢᠯᠠᠬᠤ ᠦᠶᠡᠰ᠂ ᠢᠳᠡᠷᠡᠵᠢᠭᠦᠯᠭᠦ ᠡᠳ᠋ ᠢ ᠰᠦᠷᠴᠢᠵᠤ᠂ ᠨᠡᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ ᠪᠤᠳᠠᠳᠠᠢ ᠱᠠᠭᠠᠷᠳᠠᠯᠭ᠎ᠠ ᠨᠢ ᠭᠡᠪᠡᠯ ᠮᠤ᠋ ᠪᠦᠷᠢ 30mL ᠡᠮ ᠤᠨ ᠲᠡᠭᠡᠷ᠎ᠡ 15~20kg ᠤᠰᠤ ᠬᠤᠯᠢᠵᠤ᠂ ᠡᠷᠳᠡᠨᠢ ᠰᠢᠰᠢ ᠶᠢᠨ ᠨᠠᠪᠴᠢᠨ ᠲᠡᠭᠡᠷ᠎ᠡ ᠨᠢ ᠵᠢᠭᠳᠡ ᠰᠦᠷᠴᠢᠭᠦ ᠭᠡᠷᠡᠭᠳᠡᠢ᠃ ᠡᠮ ᠤᠨ ᠰᠦᠷᠴᠢᠭᠦᠷ ᠢᠶᠠᠨ ᠴᠡᠪᠡᠷᠭᠡᠨ ᠤᠭᠢᠶᠠᠬᠤ ᠭᠡᠷᠡᠭᠳᠡᠢ᠃ ᠬᠤᠵᠢᠷᠯᠢᠬ ᠲᠠᠷᠢᠶᠠᠨ ᠡᠮ ᠪᠤᠶᠤ ᠭᠢᠮᠢ ᠶᠢᠨ ᠪᠤᠷᠳᠤᠭᠤᠷ ᠲᠠᠢ ᠬᠤᠯᠢᠨ ᠭᠡᠷᠡᠭᠯᠡᠵᠤ ᠪᠤᠯᠬᠤ ᠦᠭᠡᠢ᠃ ᠡᠮ ᠰᠦᠷᠴᠢᠭᠰᠡᠨ ᠤ ᠲᠦᠷᠪᠡᠨ ᠴᠠᠭ ᠤᠨ ᠲᠠᠷᠠᠭ᠎ᠠ ᠪᠤᠷᠤᠭᠠᠨ ᠤᠷᠤᠬᠤ ᠳᠤ ᠭᠦᠷᠪᠡᠯ ᠡᠮ ᠢᠶᠠᠨ ᠬᠠᠭᠠᠰᠯᠠᠨ ᠲᠠᠭᠢᠨ ᠰᠦᠷᠴᠢᠭᠦ ᠭᠡᠷᠡᠭᠳᠡᠢ᠃ ᠡᠷᠳᠡᠨᠢ ᠰᠢᠰᠢ ᠶᠢᠨ ᠢᠳᠡᠷᠡᠵᠢᠭᠦᠯᠭᠦ ᠡᠮ ᠢ ᠰᠦᠷᠴᠢᠭᠦ ᠶᠢᠨ ᠲᠠᠭᠠᠤ ᠬᠤᠷᠢᠶᠠᠯᠳᠠ ᠨᠡᠮᠡᠭᠳᠡᠭᠦᠯᠭᠦ ᠡᠳ᠋ ︵ᠮᠤ᠋ ᠪᠦᠷᠢ 50g︶ ᠢ ᠬᠤᠯᠢᠵᠤ ᠰᠦᠷᠴᠢᠪᠡᠯ ᠨᠡᠩ ᠰᠠᠶᠢᠨ ᠦᠷ᠎ᠡ ᠪᠦᠳᠦᠮᠵᠢ ᠤᠯᠬᠤ ᠪᠤᠯᠤᠨ᠎ᠠ᠃
︵3︶ ᠦᠷᠡᠵᠢᠯ ᠤᠨ ᠰᠡᠭᠦᠯᠴᠢ ᠶᠢᠨ ᠬᠤᠭᠤᠴᠠᠭᠠᠨ ᠤ ᠠᠷᠠᠴᠢᠯᠠᠯᠳᠠ᠄ ᠡᠷᠳᠡᠨᠢ ᠰᠢᠰᠢ ᠨᠢ 8 ᠳ᠋ᠤᠭᠠᠷ ᠰᠠᠷ᠎ᠠ ᠶᠢᠨ ᠡᠭᠢᠨ ᠠᠴᠠ ᠡᠭᠢᠯᠡᠨ ᠰᠢᠷᠭᠡᠭ ᠪᠦᠭᠡᠯᠵᠢᠨ᠂ ᠴᠡᠴᠡᠭ ᠲᠡᠯᠭᠡᠷᠡᠨ ᠦᠷᠡᠯᠡᠭᠦ ᠬᠤᠭᠤᠴᠠᠭᠠᠨ ᠳᠠᠭᠠᠨ ᠤᠷᠤᠨ᠎ᠠ᠃ ᠡᠭᠦᠨ ᠳᠤ ᠦᠷᠡᠯᠡᠭᠦ᠂ ᠴᠦᠮᠡᠳᠦᠭᠦ ᠬᠤᠭᠤᠴᠠᠭᠠᠨ ᠳᠤ ᠡᠷᠳᠡᠨᠢ ᠰᠢᠰᠢ ᠨᠢ ᠮᠦᠨ ᠭᠦ᠋ ᠤᠰᠤ ᠭᠡᠷᠡᠭᠰᠡᠭᠦ ᠵᠠᠭᠠᠭ ᠤᠨ ᠰᠡᠭᠦᠯᠴᠢ ᠶᠢᠨ ᠬᠤᠭᠤᠴᠠᠭᠠᠨ ᠳᠠᠭᠠᠨ ᠪᠠᠶᠢᠵᠤ᠂ ᠦᠷ᠎ᠠ ᠬᠠᠳᠠᠭᠠᠯᠠᠬᠤ ᠰᠢᠮ᠎ᠠ ᠲᠡᠵᠢᠭᠡᠯᠳᠤ ᠡᠳ᠋ ᠤᠨ ᠵᠤᠩᠭᠢᠯᠠᠬᠤ ᠭᠡᠰᠡᠭ ᠨᠢ ᠮᠦᠨ ᠭᠦ ᠴᠦᠮᠡᠳᠦᠭᠦ ᠦᠶ᠎ᠠ ᠬᠤᠷᠠᠮᠳᠤᠵᠤ᠂ ᠮᠠᠰᠢ ᠶᠡᠭᠡ ᠤᠰᠤ᠂ ᠰᠢᠮ᠎ᠠ ᠶᠢᠨ ᠭᠡᠷᠡᠭᠴᠡᠭᠡ ᠲᠠᠢ ᠪᠠᠶᠢᠳᠠᠭ ᠲᠤᠯᠠ ᠤᠰᠤ ᠪᠤᠷᠳᠤᠭᠤᠷ ᠢ ᠠᠯᠳ᠋ᠬᠠᠳᠠᠭᠤᠯᠬᠤ ᠪᠤᠶᠤ ᠡᠰᠢ ᠨᠠᠪᠴᠢ ᠶᠢ ᠰᠢᠷᠬᠠᠳᠤᠭᠤᠯᠬᠤ ᠳᠤ ᠭᠦᠷᠪᠡᠯ᠂ ᠡᠷᠳᠡ ᠦᠳᠡᠯᠭᠦ ᠪᠦᠭᠡᠳ ᠴᠦᠮ ᠬᠤᠷᠢᠶᠠᠯᠳᠠ ᠭᠦᠨᠳᠤ ᠨᠤᠴᠢᠳᠠᠢ ᠬᠠᠰᠤᠠᠠᠳᠠᠬᠤ ᠪᠤᠯᠤᠨ᠎ᠠ᠃ ᠡᠶᠢᠮᠤ ᠠᠴᠠ ᠡᠷᠭᠡᠪᠰᠢ ᠲᠤᠤᠷᠠᠭᠢ ᠮᠡᠳᠤ ᠤᠰᠤ ᠪᠤᠷᠳᠤᠭᠤᠷ ᠤᠨ ᠬᠠᠮᠢᠶᠠᠷᠤᠯᠳᠠ ᠶᠢᠨ ᠠᠷᠭ᠎ᠠ ᠭᠡᠮᠵᠶᠠ ᠶᠢ ᠠᠪᠬᠤ ᠭᠡᠷᠡᠭᠳᠡᠢ᠃
① 8 ᠳ᠋ᠤᠭᠠᠷ ᠰᠠᠷ᠎ᠠ ᠶᠢᠨ ᠡᠭᠢ ᠪᠠᠷ ᠡᠷᠳᠡᠨᠢ ᠰᠢᠰᠢ ᠰᠢᠷᠭᠡᠭ ᠪᠦᠭᠡᠯᠵᠢᠭᠦ ᠦᠶᠡᠰ᠂ ᠰᠢᠭᠡᠰᠦᠯᠢᠭ ᠡᠳ᠋ ᠤᠨ ᠲᠡᠭᠡᠷ᠎ᠡ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠦ ᠺᠠᠯᠢ ᠪᠤᠶᠤ ᠬᠤᠷᠢᠶᠠᠯᠳᠠ ᠨᠡᠮᠡᠭᠳᠡᠭᠦᠯᠭᠦ ᠡᠳ᠋ ᠢ ᠨᠡᠮᠡᠵᠤ᠂ ᠨᠠᠪᠴᠢᠨ ᠲᠡᠭᠡᠷ᠎ᠡ ᠨᠢ ᠰᠦᠷᠴᠢᠵᠤ ᠦᠷᠡᠯᠡᠭᠦ ᠨᠤᠷᠮ᠎ᠠ ᠶᠢ ᠲᠡᠭᠡᠭᠰᠢᠯᠡᠭᠦᠯᠵᠤ᠂ ᠦᠷ᠎ᠡ ᠶᠢᠨ ᠮᠦᠭᠦᠯᠢᠭ ᠤᠨ ᠲᠤᠭ᠎ᠠ ᠪᠠ ᠭᠦᠨᠳᠤ ᠶᠢ ᠨᠢ ᠨᠡᠮᠡᠭᠳᠡᠭᠦᠯᠭᠦ ᠭᠡᠷᠡᠭᠳᠡᠢ᠃
ᠪᠤᠳᠠᠳᠠᠢ ᠠᠷᠭ᠎ᠠ ᠨᠢ ᠭᠡᠪᠡᠯ ᠮᠤ᠋ ᠪᠦᠷᠢ 1kg ᠰᠢᠭᠡᠰᠦᠯᠢᠭ ᠡᠳ᠋᠂ 0.15kg ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢ ᠺᠠᠯᠢ ᠶᠢ 30~50kg ᠤᠰᠤᠨ ᠳᠤ ᠰᠢᠩᠭᠡᠯᠡᠵᠤ᠂ ᠲᠤᠩᠭᠠᠯᠠᠭ ᠡᠳᠤᠷ ᠤᠨ ᠦᠳᠡ ᠶᠢᠨ ᠬᠤᠶᠢᠨ᠎ᠠ ᠨᠠᠪᠴᠢᠨ ᠲᠡᠭᠡᠷ᠎ᠡ ᠨᠢ ᠰᠦᠷᠴᠢᠨ᠎ᠠ᠃ ᠭᠡᠷᠪᠡ ᠬᠤᠷᠢᠶᠠᠯᠳᠠ ᠨᠡᠮᠡᠭᠳᠡᠭᠦᠯᠭᠦ ᠡᠳ᠋ ᠢ ᠭᠡᠷᠡᠭᠯᠡᠪᠡᠯ᠂ ᠮᠤ᠋ ᠪᠦᠷᠢ 50g ᠳᠤ 12.5~16.5kg ᠤᠰᠤ ᠬᠤᠯᠢᠵᠤ᠂ 0.3%~0.4% ᠶᠢᠨ ᠰᠢᠩᠭᠡᠨ ᠢ ᠨᠠᠶᠢᠷᠠᠭᠤᠯᠵᠤ᠂ ᠨᠢᠭᠡ ᠬᠤᠶᠠᠷ ᠤᠳᠠᠭ᠎ᠠ ᠰᠦᠷᠴᠢᠭᠡᠳ᠂ ᠲᠠᠭᠢᠭᠠᠳ 7~10 ᠬᠤᠨᠤᠭ ᠤᠨ ᠲᠠᠷᠠᠭ᠎ᠠ ᠲᠠᠭᠢᠨ ᠨᠢᠭᠡ ᠤᠳᠠᠭ᠎ᠠ ᠰᠦᠷᠴᠢᠨ᠎ᠠ᠃
② ᠰᠢᠷᠭᠡᠭ ᠪᠦᠭᠡᠯᠵᠢᠭᠦ ᠬᠤᠭᠤᠴᠠᠭ᠎ᠠ ᠪᠤᠯ ᠡᠷᠳᠡᠨᠢ ᠰᠢᠰᠢ ᠶᠢᠨ ᠤᠰᠤ ᠭᠡᠷᠡᠭᠰᠡᠭᠦ ᠬᠠᠮᠤᠭ ᠤᠨ ᠴᠢᠬᠤᠯᠠ ᠬᠤᠭᠤᠴᠠᠭ᠎ᠠ ᠪᠤᠯᠤᠨ᠎ᠠ᠃ ᠭᠠᠨᠭ᠍ᠳᠠᠬᠤ ᠳᠤ ᠭᠦᠷᠪᠡᠯ᠂ ᠬᠤᠷᠢᠶᠠᠯᠳᠠ ᠨᠢ ᠭᠦᠨᠳᠤ ᠨᠤᠴᠢᠳᠠᠢ ᠬᠠᠰᠤᠠᠠᠳᠠᠬᠤ ᠪᠤᠯᠤᠨ᠎ᠠ᠃ ᠡᠨᠡ ᠦᠶᠡᠰ ᠪᠠᠶᠢᠳᠠᠯ ᠢ ᠦᠵᠡᠵᠤ ᠮᠤ᠋ ᠪᠦᠷᠢ ᠶᠢ 40 ᠪᠤᠰᠤᠭ᠎ᠠ ᠲᠦᠷᠪᠡᠯᠵᠢᠨ ᠮᠧᠲᠷ ᠤᠰᠤᠯᠠᠬᠤ ᠭᠡᠷᠡᠭᠳᠡᠢ᠃
③ 8 ᠳ᠋ᠤᠭᠠᠷ ᠰᠠᠷ᠎ᠠ ᠶᠢᠨ ᠬᠤᠷᠢᠳ ᠠᠴᠠ ᠬᠤᠶᠢᠰᠢ᠂ ᠡᠷᠳᠡᠨᠢ ᠰᠢᠰᠢ ᠲᠦᠷᠭᠡᠨ ᠴᠦᠮᠡᠳᠦᠭᠦ ᠬᠤᠭᠤᠴᠠᠭᠠᠨ ᠳᠠᠭᠠᠨ ᠤᠷᠤᠨ᠎ᠠ᠃ ᠡᠨᠡ ᠦᠶᠡᠰ ᠰᠤᠪᠠᠭᠯᠠᠬᠤ ᠠᠷᠭ᠎ᠠ ᠪᠠᠷ ᠦᠨᠳᠤᠰᠤ ᠠᠴᠠ ᠨᠢ 20mm ᠵᠠᠶᠢᠳᠠᠢ ᠭᠠᠵᠠᠷ ᠲᠤ ᠰᠤᠪᠠᠭᠯᠠᠵᠤ᠂ ᠮᠤ᠋ ᠪᠦᠷᠢ 10kg ᠰᠢᠭᠡᠰᠦᠯᠢᠭ ᠡᠳ᠋ ᠨᠡᠮᠡᠵᠤ ᠤᠷᠤᠭᠤᠯᠤᠨ᠎ᠠ᠃ ᠲᠠᠷᠠᠭ᠎ᠠ ᠪᠠᠷ ᠨᠢ 50 ᠪᠤᠰᠤᠭ᠎ᠠ ᠲᠦᠷᠪᠡᠯᠵᠢᠨ ᠮᠧᠲᠷ ᠤᠰᠤᠯᠠᠯᠳᠠ ᠶᠢᠨ ᠨᠤᠷᠮ᠎ᠠ ᠪᠠᠷ ᠤᠰᠤᠯᠠᠵᠤ᠂ ᠦᠷ᠎ᠠ ᠶᠢᠨ ᠭᠦᠨᠳᠤ ᠶᠢ ᠨᠡᠮᠡᠭᠳᠡᠭᠦᠯᠦᠨ᠂ ᠤᠨᠠᠯᠳᠠ ᠶᠢᠨ ᠭᠡᠮᠵᠢᠶ᠎ᠠ ᠶᠢ ᠲᠡᠭᠡᠭᠰᠢᠯᠡᠭᠦᠯᠦᠨ᠎ᠠ᠃
11. ᠠᠯᠢ ᠴᠠᠭ ᠦᠶ᠎ᠠ ᠳᠤ ᠬᠤᠷᠢᠶᠠᠪᠠᠯ ᠵᠤᠭᠢᠬᠤ ᠪᠤᠢ︖
ᠲᠤᠭᠢᠷᠬᠠᠠᠰᠠᠨ ᠴᠠᠭ ᠲᠤᠨᠢ ᠬᠤᠷᠢᠶᠠᠵᠤ ᠠᠪᠬᠤ ᠪᠤᠯ ᠡᠷᠳᠡᠨᠢ ᠰᠢᠰᠢ ᠶᠢ ᠨᠡᠯᠢᠶᠡᠳ ᠰᠠᠶᠢᠨ ᠠᠵᠤ ᠠᠬᠤᠢ ᠶᠢᠨ ᠭᠠᠷᠤᠯᠳᠠ ᠲᠠᠢ ᠪᠤᠯᠭᠠᠬᠤ ᠶᠢᠨ ᠴᠢᠬᠤᠯᠠ ᠵᠠᠩᠭᠢᠯᠠᠭ᠎ᠠ ᠪᠤᠯᠤᠨ᠎ᠠ᠃ ᠡᠶᠢᠮᠤ ᠠᠴᠠ ᠡᠷᠭᠡᠪᠰᠢ ᠬᠤᠷᠢᠶᠠᠯᠳᠠ ᠠᠪᠬᠤ ᠲᠤᠭᠢᠳᠠᠢ ᠴᠠᠭ ᠬᠤᠭᠤᠴᠠᠭ᠎ᠠ ᠶᠢ ᠡᠷᠭᠡᠪᠰᠢ ᠰᠠᠶᠢᠳᠤᠷ ᠡᠵᠡᠮᠰᠢᠭᠦ ᠭᠡᠷᠡᠭᠳᠡᠢ᠃ ᠶᠠᠷᠦᠩᠭᠡᠢ ᠳᠡᠭᠡᠨ ᠠᠪᠴᠠᠯᠳᠤᠩᠭᠤᠢ ᠭᠡᠯᠪᠡᠷᠢ ᠶᠢᠨ ᠡᠷᠳᠡᠨᠢ ᠰᠢᠰᠢ ᠪᠤᠯ ᠬᠠᠭᠤᠷᠮᠠᠭ ᠪᠤᠯᠪᠠᠰᠤᠷᠠᠯᠳᠠ ᠶᠢᠨ ᠴᠢᠨᠠᠷ ᠲᠠᠢ ᠪᠠᠶᠢᠳᠠᠭ᠃ ᠲᠤᠬᠠᠶᠢᠯᠠᠪᠠᠯ ᠮᠦᠭᠦᠯᠢᠭ ᠦᠷ᠎ᠡ ᠨᠢ ᠪᠦᠷᠢᠮᠦᠰᠤᠨ ᠪᠤᠯᠪᠠᠰᠤᠷᠠᠭᠠᠳᠤᠢ ᠪᠠᠷ ᠲᠦᠷᠦᠭᠦᠤ ᠶᠢ ᠪᠤᠭᠤᠠᠠᠰᠠᠨ ᠨᠠᠪᠴᠢ ᠨᠢ ᠴᠠᠶᠢᠷᠠᠵᠤ᠂ ᠭᠡᠪᠡᠴᠤ ᠡᠰᠢ ᠨᠠᠪᠴᠢ ᠨᠢ ᠮᠦᠨ ᠭᠦ ᠨᠤᠭᠤᠭᠠᠨ ᠢᠶᠠᠷ ᠢᠶᠠᠨ ᠪᠠᠶᠢᠵᠤ᠂ ᠦᠵᠡᠭᠦ ᠳᠤ ᠪᠤᠯᠪᠠᠰᠤᠷᠬᠠᠰᠠᠨ ᠰᠢᠬ ᠪᠤᠯᠪᠠᠴᠤ᠂ ᠦᠨᠡᠨ ᠳᠡᠭᠡᠨ ᠬᠠᠷᠠᠬᠠᠨ ᠪᠤᠯᠪᠠᠰᠤᠷᠠᠭᠠᠳᠤᠢ ᠪᠠᠶᠢᠳᠠᠭ᠃ ᠡᠷᠳᠡᠨᠢ ᠰᠢᠰᠢ ᠶᠢᠨ ᠭᠦᠢᠴᠡᠳ ᠪᠤᠯᠪᠠᠰᠤᠷᠬᠠᠰᠠᠨ ᠰᠢᠨᠵᠢ ᠲᠡᠮᠳᠡᠭ ᠨᠢ ᠪᠤᠯ ᠲᠠᠷᠢᠶ᠋ᠨᠨ ᠳᠠᠬᠢ 90% ᠠᠴᠠ ᠲᠡᠭᠡᠭᠰᠢᠭᠢ ᠡᠷᠳᠡᠨᠢ ᠰᠢᠰᠢ ᠶᠢᠨ ᠡᠰᠢ ᠦᠶ᠎ᠠ ᠨᠢ ᠰᠢᠷᠠᠯᠠᠵᠤ᠂ ᠦᠷ᠎ᠡ ᠲᠦᠷᠦᠭᠦᠤ ᠶᠢ ᠪᠤᠭᠤᠠᠠᠰᠠᠨ ᠨᠠᠪᠴᠢ ᠨᠢ ᠰᠤᠯᠠᠷᠠᠵᠤ᠂ ᠦᠷ᠎ᠠ ᠨᠢ ᠬᠠᠳᠠᠭᠤᠷᠠᠵᠤ᠂ ᠭᠢᠮᠤᠰᠤ ᠪᠠᠷ ᠰᠢᠭᠢᠳᠭᠦ ᠳᠤ ᠤᠷᠤ ᠤᠷᠤᠬᠤ ᠦᠭᠡᠢ ᠪᠠᠶᠢᠵᠤ᠂ ᠦᠡᠭᠭᠡ ᠨᠢ ᠭᠢᠯᠳᠠᠭᠠᠨᠠᠵᠤ᠂ ᠭᠦᠪᠤᠷᠠᠯ ᠲᠠᠢ ᠵᠠᠯᠭᠠᠯᠳᠤᠵᠤ ᠪᠦᠭᠦᠢ ᠡᠰᠢ ᠶᠢᠨ ᠭᠡᠰᠡᠭ ᠲᠤᠨᠢ ᠬᠠᠷ᠎ᠠ ᠲᠠᠪᠬᠤᠷᠭ᠎ᠠ ᠢᠯᠡᠷᠡᠭᠰᠡᠨ ᠪᠠᠶᠢᠪᠠᠯ ᠨᠢᠭᠡᠨᠳᠡ ᠪᠤᠯᠪᠠᠰᠤᠷᠬᠠᠰᠠᠨ ᠢ ᠬᠠᠷᠠᠭᠤᠯᠵᠤ ᠪᠠᠶᠢᠨ᠎ᠠ᠃ 9 ᠳ᠋ᠤᠭᠡᠷ ᠰᠠᠷ᠎ᠠ ᠶᠢᠨ ᠰᠡᠭᠦᠯᠴᠢ 10 ᠳ᠋ᠤᠭᠠᠷ ᠰᠠᠷ᠎ᠠ ᠶᠢᠨ ᠡᠭᠢ ᠪᠠᠷ ᠬᠠᠳᠤᠵᠤ ᠬᠤᠷᠢᠶᠠᠪᠠᠯ ᠮᠠᠰᠢ ᠲᠤᠭᠢᠷᠠᠮᠵᠢᠳᠡᠢ ᠶᠤᠮ᠃